ᠵᠢᠮᠢᠰ᠎ᠤᠨ ᠰᠢᠭᠥᠰᠥ ᠤᠤᠭᠤᠬᠤ᠎ᠨᠢ ᠠ᠋ᠷᠡᠭᠥᠯ ᠮᠡᠨᠳᠥ᠎ᠳᠤ ᠬᠣᠣᠷ ᠬᠥᠨᠥᠭᠡᠯ ᠦᠭᠡᠢ ᠭᠡᠵᠤ ᠦᠦ?
ᠨᠡᠶ᠋ᠢᠲᠡᠯᠡᠭᠰᠡᠨ ᠴᠠᠭ᠄ 2026-07-16

ᠬᠡᠢ᠌ᠳᠥ ᠤᠮᠳᠠᠭ᠋ᠠᠨ ᠪᠤᠶᠤ ᠨᠡᠭᠦᠷᠡᠰᠦ ᠬᠦᠴᠢᠯ᠎ᠲᠠᠢ ᠤᠮᠳᠠᠭ᠋ᠠᠨ᠎ᠤ ᠠ᠋ᠷᠡᠭᠦᠯ ᠮᠡᠨᠳᠥ᠎ᠳᠤ ᠬᠣᠣᠷ ᠬᠥᠨᠥᠭᠡᠯᠲᠡᠢ ᠭᠡᠳᠡᠭ᠎ᠢ ᠬᠥᠮᠥᠰ ᠰᠠᠢ᠌ᠨ ᠮᠡᠳᠡᠳᠡᠭ᠂ ᠭᠡᠬᠥ᠎ᠳᠡᠭᠡᠨ ᠴᠤᠯᠤ ᠪᠠᠢ᠌ᠭ᠋ᠠᠯᠢᠯᠢᠭ ᠵᠢᠮᠢᠰ᠎ᠤᠨ ᠰᠢᠭᠥᠰᠥ ᠪᠠᠰᠠ ᠠ᠋ᠷᠡᠭᠦᠯ ᠮᠡᠨᠳᠥ᠎ᠳᠤ ᠮᠠᠭᠤ ᠨᠥᠯᠥᠭᠡ᠎ᠲᠠᠢ ᠪᠠᠢ᠌ᠳᠠᠭ᠎ᠢ ᠬᠥᠮᠥᠰ ᠬᠠᠷᠢᠨ ᠰᠠᠢ᠌ᠨ ᠮᠡᠳᠡᠬᠦ ᠦᠭᠡᠢ ᠶᠤᠮ᠃ ᠠᠮᠸᠷᠢᠺᠠ ᠵᠢᠨ ᠤᠳᠠᠰᠥᠳᠥ ᠲᠸᠯᠸᠢᠰ᠎ᠤᠨ ᠰᠣᠨᠢᠨ ᠮᠡᠳᠡᠭᠡᠨ᠎ᠤ ᠰᠦᠯᠵᠢᠶ᠎ᠡ (CNN)᠎ᠳᠤ ᠮᠡᠳᠡᠭᠡᠯᠡᠭᠰᠡᠨ ᠵᠶ᠋ᠠᠷ᠂ ᠥᠩᠭᠡᠷᠡᠭᠰᠡᠨ ᠭᠠᠷᠠᠭ᠎ᠤᠨ ᠲᠠᠪᠤᠨ᠎ᠳᠤ 《ᠠᠮᠸᠷᠢᠺᠠ ᠵᠢᠨ ᠠᠨᠠᠭ᠋ᠠᠬᠤ ᠤᠬᠠᠭ᠋ᠠᠨ᠎ᠤ ᠨᠡᠢ᠌ᠭᠡᠮᠯᠢᠭ᠎ᠤᠨ ᠰᠡᠳᠭᠦᠯ》᠎ᠤᠨ ᠰᠦᠯᠵᠢᠶᠡᠨ ᠳᠡᠭᠡᠷ᠎ᠡ ᠨᠡᠢ᠌ᠳᠡᠯᠡᠭᠳᠡᠭᠰᠡᠨ ᠰᠡᠭᠦᠯ᠎ᠤᠨ ᠦᠶ᠎ᠡ ᠵᠢᠨ ᠰᠤᠳᠤᠯᠭ᠋ᠠᠨ ᠮᠡᠳᠡᠭᠦᠯᠦᠯᠲᠡ᠎ᠳᠤ᠂ ᠵᠠᠭᠤᠨ ᠬᠤᠪᠢ ᠵᠢᠨ ᠴᠤᠯᠤ ᠪᠠᠢ᠌ᠭ᠋ᠠᠯᠢᠯᠢᠭ ᠵᠢᠮᠢᠰ᠎ᠤᠨ ᠰᠢᠭᠥᠰᠥ ᠪᠠᠰᠠ ᠠ᠋ᠷᠡᠭᠦᠯ ᠮᠡᠨᠳᠥ᠎ᠳᠤ ᠠᠶᠤᠯ ᠲᠦᠭᠰᠢᠭᠦᠷᠢ ᠤᠴᠠᠷᠠᠭᠤᠯᠬᠤ ᠪᠣᠯᠣᠨ᠎ᠠ ᠭᠡᠵᠤ ᠲᠡᠮᠳᠡᠭᠯᠡᠭᠰᠡᠨ ᠪᠠᠢ᠌ᠨ᠎ᠠ᠃ ᠲᠤᠰ ᠰᠤᠳᠤᠯᠭ᠋ᠠᠨ᠎ᠤ ᠳᠣᠭ᠎ᠠ ᠪᠠᠷᠢᠮᠳᠠ ᠵᠢ ᠦᠨᠳᠦᠰᠦᠯᠡᠪᠡᠯ᠂ ᠠ᠋ᠳᠦᠷ᠎ᠲᠤ 12 ᠤᠨᠰ (355 ᠮᠢᠯᠯᠢᠲᠷ) ᠵᠢᠮᠢᠰ᠎ᠤᠨ ᠰᠢᠭᠦᠰᠥ ᠤᠤᠭᠤᠪᠠᠯ ᠠ᠋ᠷᠡᠰᠳᠡᠬᠦ ᠠᠶᠤᠯ ᠲᠦᠭᠰᠢᠭᠦᠷᠢ ᠪᠠᠷᠤᠭ 1/4 ᠪᠤᠶᠤ 25%᠎ᠪᠠᠷ ᠨᠡᠮᠡᠭᠳᠡᠳᠡᠭ᠃

ᠬᠠᠷᠢᠨ ᠠ᠋ᠳᠦᠷ᠎ᠲᠤ ᠠᠳᠠᠯᠢᠬᠠᠨ ᠬᠡᠮᠵᠢᠶᠡᠨ᠎ᠤ ᠰᠢᠬᠢᠷᠯᠢᠭ ᠤᠮᠳᠠᠭ᠋ᠠᠨ ᠤᠤᠭᠤᠪᠠᠯ ᠠ᠋ᠷᠡᠰᠳᠡᠬᠦ ᠠᠶᠤᠯ ᠲᠦᠭᠰᠢᠭᠦᠷᠢ ᠵᠥᠪᠬᠡᠨ 11%᠎ᠪᠠᠷ ᠨᠡᠮᠡᠭᠳᠡᠳᠡᠭ᠃ ᠠ᠋ᠭᠦᠨ᠎ᠠᠴᠠ ᠦᠵᠡᠪᠡᠯ᠂ ᠵᠢᠮᠢᠰ᠎ᠤᠨ ᠰᠢᠭᠥᠰᠥᠨ᠎ᠤ ᠬᠣᠣᠷᠳᠠᠯ᠎ᠠᠴᠠ ᠪᠣᠯᠵᠤ ᠠ᠋ᠷᠳᠡ ᠠ᠋ᠷᠡᠰᠳᠡᠯ ᠠᠶᠤᠯ ᠲᠦᠭᠰᠢᠭᠦᠷᠢ᠎ᠨᠢ ᠬᠦᠮᠥᠰ᠎ᠤᠨ ᠣᠢ᠌ᠯᠠᠭ᠋ᠠᠯᠲᠠ᠎ᠳᠠᠬᠢ ᠰᠢᠬᠢᠷᠯᠢᠭ ᠤᠮᠳᠠᠭ᠋ᠠᠨ᠎ᠤ ᠠ᠋ᠷᠡᠰᠳᠡᠯ᠎ᠠᠴᠠ ᠬᠣᠯᠠ ᠦᠨᠳᠥᠷ ᠶᠤᠮ ᠪᠠᠢ᠌ᠨ᠎ᠠ᠃
ᠠ᠋ᠨᠡ ᠳᠤᠬᠠᠢ ᠰᠤᠳᠤᠯᠤᠭ᠋ᠠᠴᠢᠳ ᠵᠢᠭ᠋ᠠᠬᠤ᠎ᠳᠠᠭᠠᠨ᠂ ᠵᠢᠮᠢᠰ᠎ᠤᠨ ᠰᠢᠭᠥᠰᠥᠨ᠎ᠤ ᠰᠢᠭᠢᠷ᠎ᠤᠨ ᠠᠭᠤᠯᠤᠭᠳᠠᠴᠠ᠎ᠨᠢ ᠢᠨᠰᠦ᠋ᠯᠢᠨ᠎ᠤ ᠠ᠋ᠰᠡᠷᠭᠦᠴᠡᠬᠦ ᠦᠢ᠍ᠯᠡᠳᠦᠯ᠎ᠢ ᠨᠡᠮᠡᠭᠳᠡᠭᠥᠯᠥᠨ᠂ ᠬᠤᠷᠮᠠᠨ᠎ᠤ ᠢᠯᠭ᠋ᠠᠷᠠᠯᠳᠠ ᠵᠢ ᠢᠳᠡᠪᠬᠢᠵᠢᠭᠦᠯᠵᠦ᠂ ᠨᠢᠷᠤᠭᠤ ᠪᠡᠯᠭᠡᠭᠦᠰᠥ ᠵᠢᠨ ᠥᠭᠡᠬᠦ ᠵᠢ ᠨᠡᠮᠡᠭᠳᠡᠭᠦᠯᠵᠦ᠂ ᠵᠢᠷᠦᠬᠡᠨ ᠡᠪᠡᠳᠴᠢᠨ ᠪᠠ ᠰᠢᠬᠢᠷ ᠰᠢᠵᠢᠩ ᠡᠪᠡᠳᠴᠢᠨ᠎ᠳᠤ ᠨᠡᠷᠪᠡᠭᠳᠡᠬᠦ ᠠᠶᠤᠯ ᠲᠦᠭᠰᠢᠭᠦᠷᠢ ᠵᠢ ᠨᠡᠮᠡᠭᠳᠡᠭᠥᠯᠳᠡᠭ ᠭᠡᠵᠡᠢ᠃
ᠠ᠋ᠢ᠌ᠮᠦ᠎ᠠᠴᠠ 1— 6 ᠨᠠᠰᠤᠨ᠎ᠤ ᠬᠡᠦᠬᠡᠳ᠎ᠲᠤ ᠠ᠋ᠳᠦᠷ᠎ᠲᠤ 6 ᠤᠨᠰ᠎ᠠᠴᠠ ᠢᠯᠡᠭᠦᠦ ᠵᠢᠮᠢᠰ᠎ᠤᠨ ᠰᠢᠭᠥᠰᠥ ᠤᠤᠭᠤᠯᠭ᠋ᠠᠵᠤ ᠪᠣᠯᠬᠤ ᠦᠭᠡᠢ᠂ ᠨᠠᠰᠤᠨ᠎ᠳᠤ ᠬᠦᠷᠦᠭᠰᠡᠳ ᠠ᠋ᠳᠦᠷ᠎ᠲᠤ 8 ᠤᠨᠰ᠎ᠠᠴᠠ ᠢᠯᠡᠭᠦᠦ ᠵᠢᠮᠢᠰ᠎ᠤᠨ ᠰᠢᠭᠦᠰᠦ ᠤᠤᠭᠤᠵᠤ ᠪᠣᠯᠬᠤ ᠦᠭᠡᠢ ᠭᠡᠵᠤ ᠰᠤᠳᠤᠯᠤᠭ᠋ᠠᠴᠢᠳ ᠰᠠᠨᠠᠭᠤᠯᠭ᠎ᠠ ᠪᠣᠯᠭ᠋ᠠᠭᠰᠠᠨ ᠪᠠᠢ᠌ᠨ᠎ᠠ᠃

ᠠᠩᠬᠠᠨ᠎ᠤ ᠬᠢᠨᠠᠭ᠍ᠴᠢ᠄  ᠸᠠᠩ  

     

     

ᠢᠷᠡᠯᠲᠡ᠄ ᠠᠯᠠᠱᠠ ᠵᠡᠭᠦᠨ ᠬᠣᠱᠢᠭᠤᠨ᠎ᠤ ᠠᠷᠠᠳ᠎ᠤᠨ ᠵᠠᠰᠠᠭ᠎ᠤᠨ ᠣᠷᠳᠣᠨ
Baidu
map