ᠮᠠᠷᠠᠯ ᠮᠡᠴᠢᠳ᠎ᠤᠨ ᠣᠷᠤᠨ᠎ᠳᠤ ᠬᠤᠶᠠᠭᠤᠯᠠ᠎ᠪᠠᠨ ᠤᠴᠠᠷᠠᠶ᠎ᠠ
ᠨᠡᠶ᠋ᠢᠲᠡᠯᠡᠭᠰᠡᠨ ᠴᠠᠭ᠄ 2026-07-31

ᠦᠯᠡᠮᠵᠢ ᠭᠤᠨᠢᠭ᠂ ᠬᠢᠰᠠᠬᠤ ᠣᠢᠳᠭᠠᠷ᠎ᠤᠨ ᠳᠤᠮᠳᠠ

ᠦᠨᠢ ᠬᠤᠯᠠ᠎ᠶ᠋ᠢᠨ ᠳᠥᠷᠪᠡᠨ ᠰᠠᠷ᠎ᠠ᠎ᠶ᠋ᠢ ᠬᠥᠭ᠌ᠵᠢᠮᠳᠡᠵᠦ᠍ ᠰᠠᠭᠤᠬᠤ᠎ᠳᠤ

ᠣᠷᠴᠢᠯᠠᠩ ᠲᠡᠢᠮᠦ᠍ ᠭᠤᠶᠤ ᠪᠠᠢᠭ᠍ᠰᠠᠨ᠎ᠢ ᠰᠡᠷᠡᠭᠡ ᠦᠭᠡᠢ

ᠦᠯᠢᠭᠡᠷ᠎ᠤᠨ ᠬᠥᠮᠦᠨ ᠪᠦᠷ ᠶᠠᠪᠤᠴᠢᠬᠠᠨ᠎ᠠ ᠭᠡᠵᠦ᠍ ᠰᠠᠨᠠᠭ᠎ᠠ ᠦᠭᠡᠢ

ᠠᠶᠠᠯᠤᠭ᠍ᠰᠠᠨ ᠳᠠᠭᠤᠤ᠂ ᠪᠠᠯᠭᠤᠭ᠍ᠰᠠᠨ ᠲᠠᠷᠠᠰᠤᠨ᠎ᠤ ᠠᠮᠲᠠ᠎ᠠᠴᠠ

ᠤᠷᠭᠤᠨ ᠴᠡᠴᠡᠭ᠌ᠯᠡᠬᠦ᠌ ᠲᠡᠷᠡ ᠦᠳᠡᠰᠢ ᠯᠠ ᠪᠣᠳᠤᠭ᠍ᠳᠠᠨ᠎ᠠ

 

ᠣᠷᠤᠮᠳᠠᠭ᠍ᠰᠠᠨ ᠪᠤᠭᠤ ᠡᠯᠦᠢᠷᠡᠭ᠌ᠰᠡᠨ ᠬᠥᠪᠴᠢ᠎ᠶ᠋ᠢᠨ ᠭᠦᠨ᠎ᠳᠤ

ᠦᠳᠡᠰᠢ ᠪᠦᠷᠢ᠎ᠶ᠋ᠢᠨ ᠳᠥᠮᠡᠨ ᠤᠳᠤᠳ᠎ᠢ ᠱᠢᠷᠲᠡᠵᠦ᠍ ᠰᠠᠭᠤᠬᠤ᠎ᠳᠤ

ᠠᠭᠤᠯᠠᠰ ᠮᠢᠨᠢ ᠣᠯᠠᠨ ᠵᠢᠯ ᠱᠢᠨᠡᠯᠦᠨ᠎ᠡ ᠭᠡᠵᠦ᠍ ᠮᠡᠳᠡᠭᠡ ᠦᠭᠡᠢ

ᠡᠷᠬᠢᠮᠰᠦᠭ ᠵᠠᠩᠲᠠᠢ ᠴᠢ ᠮᠢᠨᠢ ᠱᠢᠪᠠᠭᠤ ᠬᠤᠪᠢᠯᠤᠨ᠎ᠠ ᠭᠡᠵᠦ᠍ ᠪᠣᠳᠤᠭ᠎ᠠ ᠦᠭᠡᠢ

ᠦᠵᠡᠰᠭᠦᠯᠡᠩᠲᠦ ᠤᠴᠠᠷᠠᠯ᠂ ᠢᠳᠡ᠎ᠲᠠᠢ ᠮᠥᠷᠦᠭᠡᠳᠦᠯ᠎ᠤᠨ ᠠᠮᠲᠠ᠎ᠠᠴᠠ

ᠠᠯᠳᠠᠭᠤᠯ ᠰᠠᠯᠬᠢ ᠱᠢᠭ᠋ ᠴᠢᠮ᠎ᠠ᠎ᠪᠠᠨ ᠴᠢᠮᠡᠭᠡ ᠦᠭᠡᠢ ᠡᠷᠢᠨ᠎ᠡ

 

ᠨᠡᠭᠦᠳᠡᠯ᠎ᠤᠨ ᠲᠡᠭ᠌ᠷᠢ᠎ᠳᠡᠭᠡᠨ ᠰᠥᠨᠢ ᠪᠦᠷᠢ ᠴᠢᠮ᠎ᠠ᠎ᠶᠢ ᠳᠥᠰᠦᠭᠡᠯᠡᠨ ᠪᠣᠳᠤᠬᠤᠢ

ᠨᠢᠳᠦᠨ᠎ᠤ ᠴᠢᠨᠢ ᠡᠷᠪᠡᠬᠡᠷ ᠬᠤᠶᠠᠷ ᠱᠢᠪᠠᠭᠤ᠎ᠶ᠋ᠢ ᠡᠷᠢᠭ᠌ᠰᠡᠭᠡᠷ ᠴᠥᠭᠦᠬᠦᠢ

ᠨᠢᠭᠦᠯ ᠴᠢᠨᠡᠭᠡᠨ ᠡᠭᠦᠯᠡᠰ ᠪᠣᠷᠤᠭᠠᠯᠠᠨ᠎ᠠ ᠭᠡᠮᠡᠨ ᠵᠣᠷᠢᠭ᠎ᠠ ᠦᠭᠡᠢ ᠳ᠋ᠠ

ᠨᠢᠭᠤᠵᠤ ᠬᠠᠢᠷᠠᠯᠠᠯᠴᠠᠭ᠍ᠰᠠᠨ ᠬᠤᠶᠠᠷ᠎ᠤᠨ ᠵᠦᠭ᠎ᠨᠢ ᠲᠣᠳᠣᠬᠠᠨ ᠬᠠᠷᠠᠭ᠍ᠳᠠᠬᠤᠢ

ᠮᠠᠭᠠᠳ ᠠᠷᠪᠠᠨ ᠵᠢᠯ᠂ ᠬᠤᠷᠢᠨ ᠵᠢᠯ ᠴᠤ᠌ ᠤᠷᠤᠰᠤᠨ ᠤᠳᠬᠤᠢ

ᠮᠠᠷᠠᠯ ᠮᠡᠴᠢᠳ᠎ᠤᠨ ᠣᠷᠤᠨ᠎ᠳᠤ ᠬᠤᠶᠠᠭᠤᠯᠠ᠎ᠪᠠᠨ ᠤᠴᠠᠷᠠᠬᠤ ᠦᠦ ᠳ᠋ᠠ

 

ᠮᠢᠨᠦ᠍ ᠵᠢᠷᠦᠬᠡᠨ᠎ᠠᠴᠠ ᠴᠢᠨᠤ ᠵᠢᠷᠦᠬᠡᠨ᠎ᠳᠤ

ᠮᠥᠢᠯ ᠦᠷᠢᠯ᠎ᠤᠨ ᠴᠡᠴᠡᠭᠡᠨ᠎ᠳᠤ ᠬᠠᠢᠷ᠎ᠠ ᠰᠡᠳᠭᠢᠯ ᠮᠢᠨᠢ ᠨᠢᠭᠤᠴᠠᠯᠠᠨ᠎ᠠ

ᠮᠥᠢᠯ ᠦᠷᠢᠯ᠎ᠤᠨ ᠴᠢᠨᠠᠲᠤ᠎ᠳᠤ ᠬᠤᠶᠠᠭᠤᠯᠠ᠎ᠶ᠋ᠢᠨ ᠤᠴᠠᠷᠠᠯ ᠨᠢᠭᠤᠴᠠᠯᠠᠭ᠍ᠳᠠᠨ᠎ᠠ

ᠰᠡᠭᠦᠯᠴᠢ᠎ᠶ᠋ᠢᠨ ᠠᠶᠠᠨ᠂ ᠰᠡᠭᠦᠯᠴᠢ᠎ᠶ᠋ᠢᠨ ᠵᠠᠮ᠂ ᠰᠡᠭᠦᠯᠴᠢ᠎ᠶ᠋ᠢᠨ ᠦᠭᠡ ᠮᠢᠨᠢ ᠳ᠋ᠠ

ᠰᠦᠮᠡᠬᠡᠷ ᠲᠡᠭ᠌ᠷᠢ᠎ᠶ᠋ᠢᠨ ᠲᠥᠮᠡᠨ ᠤᠳᠤᠳ᠎ᠠᠴᠠ ᠵᠠᠢᠳᠠᠭᠤᠬᠠᠨ ᠣᠷᠣᠱᠢᠬᠤ

ᠰᠡᠳᠡᠷ᠎ᠲᠠᠢ ᠡᠬᠡ ᠣᠷᠤᠨ᠎ᠤ ᠮᠢᠨᠢ ᠠᠭᠤᠯᠠ ᠬᠠᠢᠷᠬᠠᠨ᠎ᠳᠤ ᠮᠥᠩᠭᠡᠵᠢᠨ ᠬᠤᠪᠢᠯᠬᠤ ᠶᠤᠮ

                   ᠵᠣᠬᠢᠶᠠᠭ᠍ᠴᠢ᠄ ᠬᠤᠨᠢᠴᠢᠨ ᠠ᠊· ᠵᠢᠷᠠ

ᠠᠩᠬᠠᠨ᠎ᠤ ᠬᠢᠨᠠᠭ᠍ᠴᠢ᠄  ᠸᠠᠩ  

     

     

ᠢᠷᠡᠯᠲᠡ᠄ ᠳᠤᠮᠳᠠᠳᠤ ᠣᠯᠣᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶ᠋ᠢᠨ ᠰᠦᠯᠵᠢᠶ᠎ᠡ
Baidu
map