ᠲᠥᠯᠥᠭᠡᠯᠡᠭᠴᠢᠳ ᠡ᠄
ᠣᠳᠣ ᠪᠢ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ᠎ᠢ ᠲᠥᠯᠥᠭᠡᠯᠡᠨ ᠶᠡᠬᠡ ᠬᠤᠷᠠᠯ᠎ᠳᠤ ᠠᠵᠢᠯ ᠵᠶ᠋ᠠᠨ ᠮᠡᠳᠡᠭᠦᠯᠦᠶ᠎ᠡ᠂ ᠬᠢᠨᠠᠨ ᠵᠥᠪᠯᠡᠬᠦ ᠪᠤᠯᠪᠠᠤ᠂ ᠲᠡᠷᠡᠴᠢᠯᠡᠨ ᠬᠣᠲᠠ ᠵᠢᠨ ᠤᠯᠤᠰ ᠲᠥᠷᠦ ᠵᠢᠨ ᠵᠥᠪᠯᠡᠯᠭᠡᠨ᠎ᠤ ᠭᠡᠰᠢᠭᠦᠳ ᠪᠠ ᠬᠤᠷᠠᠯ᠎ᠳᠤ ᠣᠷᠣᠯᠴᠠᠭᠰᠠᠨ ᠨᠥᠬᠥᠳ ᠰᠠᠨᠠᠯ ᠵᠶ᠋ᠠᠨ ᠳᠤᠷᠠᠳᠬᠤ ᠪᠤᠯᠪᠠᠤ᠃
ᠨᠢᠭᠡ᠂ 2019 ᠣᠨ᠎ᠤ ᠠᠵᠢᠯ᠎ᠤᠨ ᠡᠷᠭᠢᠴᠡᠭᠦᠯᠦᠯ
ᠥᠩᠭᠡᠷᠡᠭᠰᠡᠨ ᠨᠢᠭᠡ ᠵᠢᠯ ᠪᠣᠯ ᠮᠠᠨ᠎ᠤ ᠬᠣᠲᠠ ᠡᠷᠡᠮᠡᠬᠡᠶ᠋ᠢᠯᠡᠨ ᠤᠷᠤᠭᠰᠢᠯᠠᠵᠤ᠂ ᠤᠷᠢᠳᠤᠬᠢ ᠵᠢ ᠵᠠᠯᠭ᠋ᠠᠮᠵᠢᠯᠠᠨ ᠬᠣᠶ᠋ᠢᠰᠢᠬᠢ᠎ᠳᠤ ᠵᠠᠮ ᠨᠡᠭᠡᠭᠡᠭᠰᠡᠨ ᠴᠢᠬᠤᠯᠠ ᠨᠢᠭᠡ ᠵᠢᠯ ᠪᠣᠯᠤᠨ᠎ᠠ᠃ ᠬᠥᠯᠥᠨ ᠪᠤᠢ᠌ᠷ ᠬᠣᠲᠠ ᠵᠢᠨ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ ᠪᠠ ᠬᠣᠲᠠ ᠵᠢᠨ ᠨᠠᠮ᠎ᠤᠨ ᠬᠤᠷᠢᠶ᠎ᠡ ᠵᠢᠨ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠬᠣᠲᠠ ᠵᠢᠨ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠪᠠᠢ᠌ᠩᠭᠤ ᠵᠢᠨ ᠬᠤᠷᠢᠶ᠎ᠡ᠂ ᠬᠣᠲᠠ ᠵᠢᠨ ᠤᠯᠤᠰ ᠲᠥᠷᠥ ᠵᠢᠨ ᠵᠥᠪᠯᠡᠯᠭᠡᠨ᠎ᠤ᠎ᠬᠢᠨ ᠳᠡᠮᠵᠢᠯᠭᠡ ᠳᠣᠤᠷ᠎ᠠ᠂ ᠪᠢᠳᠡ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠶ᠋ᠢᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠣᠭᠣᠳᠣᠯᠭ᠎ᠠ ᠪᠣᠯᠭ᠋ᠠᠵᠤ᠂ ᠨᠠᠮ᠎ᠤᠨ ᠠᠷᠪᠠ ᠶᠢᠰᠦᠳᠦᠭᠡᠷ ᠶᠡᠬᠡ ᠬᠤᠷᠠᠯ᠎ᠢ ᠭᠦᠨᠵᠡᠭᠡᠶ ᠲᠤᠭᠤᠰᠢᠯᠠᠭᠤᠯᠤᠨ᠂ ᠠᠷᠪᠠ ᠶᠢᠰᠦᠳᠦᠭᠡᠷ ᠬᠤᠭᠤᠴᠠᠭ᠋ᠠᠨ᠎ᠤ ᠲᠥᠪ ᠬᠣᠷᠢᠶᠠᠨ᠎ᠤ ᠬᠣᠶᠠᠳᠤᠭ᠋ᠠᠷ᠂ ᠭᠤᠷᠪᠠᠳᠤᠭ᠋ᠠᠷ᠂ ᠳᠥᠷᠪᠡᠳᠦᠭᠡᠷ ᠪᠥᠬᠥᠳᠡ ᠬᠤᠷᠠᠯ᠎ᠤᠨ ᠵᠣᠷᠢᠭ ᠰᠠᠨᠠᠭ᠎ᠠ ᠪᠣᠯᠤᠨ ᠶᠡᠷᠦᠩᠬᠡᠶ ᠱᠦᠵᠢ ᠰᠢ ᠵᠢᠨ ᠫᠢᠩ᠎ᠤᠨ ᠥᠪᠥᠷ ᠮᠣᠩᠭᠣᠯ᠎ᠤᠨ ᠠᠵᠢᠯ᠎ᠤᠨ ᠲᠤᠬᠠᠶ ᠴᠢᠬᠤᠯᠠ ᠶᠠᠷᠢᠶ᠎ᠠ ᠴᠢᠬᠤᠯᠠ ᠵᠢᠭ᠋ᠠᠪᠤᠷᠢ ᠴᠣᠬᠣᠯᠠᠪᠤᠷᠢ ᠵᠢᠨ ᠵᠣᠷᠢᠭ ᠰᠠᠨᠠᠭ᠎ᠠ ᠵᠢ ᠬᠢᠨᠠᠮᠠᠭ᠋ᠠᠶ ᠲᠤᠭᠤᠰᠢᠯᠠᠭᠤᠯᠤᠨ᠂ ᠰᠢᠨ᠎ᠡ ᠬᠥᠭᠵᠢᠯᠲᠡ ᠵᠢᠨ ᠣᠶ᠋ᠢᠯᠠᠭ᠋ᠠᠭᠳᠠᠬᠤᠨ᠎ᠢ ᠬᠢᠨᠠᠮᠠᠭ᠋ᠠᠶ ᠲᠤᠭᠤᠰᠢᠯᠠᠭᠤᠯᠵᠦ᠂ ᠲᠣᠭᠲᠠᠭᠤᠨ᠎ᠤ ᠳᠤᠮᠳᠠ ᠤᠷᠤᠭᠰᠢᠯᠠᠨ ᠳᠠᠪᠰᠢᠬᠤ ᠠᠵᠢᠯ᠎ᠤᠨ ᠶᠡᠷᠦᠩᠬᠡᠶ ᠬᠥᠭ ᠠᠶᠠᠰ᠎ᠢ ᠪᠠᠷᠢᠮᠲᠠᠯᠠᠵᠤ᠂ ᠠᠮᠢ ᠠᠬᠤᠶ ᠵᠢ ᠲᠡᠷᠢᠭᠦᠨ᠎ᠳᠤ ᠲᠠᠯᠪᠢᠬᠤ ᠪᠣᠬᠢᠷᠲᠤᠯ ᠦᠭᠡᠶ ᠬᠥᠭᠵᠢᠯᠲᠡ᠎ᠪᠠᠷ ᠤᠳᠤᠷᠢᠳᠤᠮᠵᠢ ᠪᠣᠯᠭ᠋ᠠᠭᠰᠠᠨ ᠴᠢᠨᠠᠷ ᠰᠠᠶ᠋ᠢᠲᠠᠶ ᠬᠥᠭᠵᠢᠯᠲᠡ ᠵᠢᠨ ᠰᠢᠨ᠎ᠡ ᠵᠠᠮ ᠵᠶ᠋ᠠᠷ ᠵᠠᠮᠨᠠᠵᠤ᠂ ᠡᠯ᠎ᠡ ᠵᠤᠢ᠌ᠯ᠎ᠤᠨ ᠬᠦᠴᠢᠷ ᠪᠡᠷᠬᠡᠰᠢᠶᠡᠯ ᠪᠣᠯᠤᠨ ᠦᠷᠢᠰᠤᠯᠳᠤᠭᠡᠨ᠎ᠢ ᠢᠳᠡᠪᠬᠢᠲᠡᠶ ᠠᠷᠭ᠋ᠠᠴᠠᠭ᠋ᠠᠵᠠᠶ᠃ ᠡᠯ᠎ᠡ ᠵᠤᠢ᠌ᠯ᠎ᠤᠨ ᠬᠠᠷᠠᠯᠲᠠ ᠡᠭᠦᠷᠭᠡ ᠵᠢ ᠨᠡᠯᠢᠶᠡᠳ ᠰᠠᠢ᠍ᠢ᠍ᠨ ᠪᠡᠶᠡᠯᠡᠭᠦᠯᠵᠦ᠂ ᠠᠵᠤ ᠠᠬᠤᠶ ᠵᠢᠨ ᠦᠷᠭᠦᠯᠵᠢᠯᠡᠨ ᠡᠷᠡᠭᠦᠯ ᠵᠶ᠋ᠠᠷ ᠬᠥᠭᠵᠢᠬᠦ ᠪᠠ ᠨᠡᠶ᠋ᠢᠭᠡᠮ᠎ᠤᠨ ᠶᠡᠬᠡ ᠲᠠᠯ᠎ᠠ ᠵᠢᠨ ᠡᠶ᠎ᠡ ᠵᠣᠬᠢᠴᠠᠯ᠎ᠲᠠᠢ ᠲᠣᠭᠲᠠᠭᠤᠨ ᠪᠠᠶ᠋ᠢᠬᠤ ᠵᠢ ᠪᠠᠳᠤᠯᠠᠵᠠᠢ᠃
(ᠨᠢᠭᠡ) ᠠᠵᠤ ᠠᠬᠤᠶ ᠵᠢᠨ ᠬᠦᠭᠵᠢᠯᠲᠡ ᠵᠢᠨ ᠪᠠᠢ᠌ᠳᠠᠯ᠎ᠢ ᠲᠣᠭᠲᠠᠭᠤᠨ ᠪᠠᠢ᠌ᠬᠤ ᠵᠢ ᠪᠠᠳᠤᠯᠠᠬᠤ ᠵᠢᠨ ᠬᠠᠮᠲᠤ ᠦᠷᠬᠦᠯᠵᠢᠯᠡᠨ ᠤᠷᠤᠭᠰᠢᠯᠠᠵᠠᠢ᠃ ᠪᠦᠬᠦ ᠬᠣᠲᠠ ᠵᠢᠨ ᠭᠠᠵᠠᠷ ᠣᠷᠣᠨ᠎ᠤ ᠦᠢ᠍ᠯᠡᠳᠪᠦᠷᠢᠯᠡᠯ᠎ᠤᠨ ᠶᠡᠷᠦᠩᠬᠡᠢ ᠥᠷᠲᠡᠭ 32 ᠳ᠋ᠦᠩᠰᠢᠭᠤᠷ ᠲᠥᠭᠥᠷᠢᠭ ᠪᠡᠶᠡᠯᠡᠭᠦᠯᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 2% ᠵᠶ᠋ᠠᠷ ᠨᠡᠮᠡᠭᠳᠡᠵᠡᠢ; ᠬᠢᠵᠠᠭ᠋ᠠᠷᠯᠠᠭᠰᠠᠨ ᠲᠣᠭ᠎ᠠ᠎ᠠᠴᠠ ᠳᠡᠭᠡᠭᠰᠢᠬᠢ ᠲᠣᠭᠲᠠᠮᠠᠯ ᠬᠥᠷᠥᠩᠭᠡ ᠵᠢᠨ ᠪᠠᠯᠠ ᠣᠷᠣᠭᠤᠯᠤᠯᠲᠠ 3.53 ᠳ᠋ᠦᠩᠰᠢᠭᠤᠷ ᠲᠥᠭᠥᠷᠢᠭ ᠪᠡᠶᠡᠯᠡᠭᠦᠯᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 18.9%᠎ᠪᠠᠷ ᠨᠡᠮᠡᠭᠳᠡᠪᠡ; ᠡᠩ᠎ᠤᠨ ᠣᠯᠠᠨ ᠨᠡᠢ᠌ᠳᠡ ᠵᠢᠨ ᠲᠥᠰᠦᠪ᠎ᠤᠨ ᠣᠷᠣᠯᠭ᠎ᠠ 7103 ᠲᠦᠮᠡᠨ ᠲᠥᠭᠥᠷᠢᠭ᠎ᠢ ᠪᠡᠶᠡᠯᠡᠭᠦᠯᠵᠦ᠂ ᠵᠢᠯ᠎ᠤᠨ ᠡᠬᠢᠨ᠎ᠤ ᠲᠥᠰᠦᠪ᠎ᠤᠨ 104% ᠵᠢ ᠪᠡᠶᠡᠯᠡᠭᠦᠯᠪᠡ᠃ ᠬᠣᠲᠠ ᠪᠠᠯᠭ᠋ᠠᠰᠤᠨ᠎ᠤ ᠪᠠᠶ᠋ᠢᠩᠭᠤ ᠰᠠᠭᠤᠭ᠎ᠠ ᠰᠠᠭᠤᠭ᠋ᠠᠯᠢ ᠠᠷᠠᠳ᠎ᠤᠨ ᠬᠥᠮᠦᠨ ᠳᠤᠮᠳᠠᠴᠢ ᠵᠢᠨ ᠡᠵᠡᠮᠳᠡᠵᠦ ᠪᠣᠯᠬᠤ ᠤᠷᠤᠯᠭ᠎ᠠ 28375 ᠲᠥᠭᠥᠷᠢᠭ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 6.2% ᠨᠡᠮᠡᠭᠳᠡᠪᠡ᠃ ᠪᠣᠬᠢᠷᠲᠤᠯ ᠦᠭᠡᠢ ᠬᠥᠭᠵᠢᠯᠲᠡ ᠵᠢᠨ ᠭᠦᠢ᠍ᠴᠡᠳᠬᠡᠬᠦ ᠲᠣᠭ᠎ᠠ ᠵᠢ ᠪᠦᠬᠦ ᠲᠠᠯ᠎ᠠ᠎ᠪᠠᠷ ᠪᠡᠶᠡᠯᠡᠭᠦᠯᠪᠡ᠃
(ᠬᠣᠶᠠᠷ) ᠭᠤᠷᠪᠠᠨ ᠶᠡᠬᠡ ᠪᠡᠷᠬᠡ ᠰᠡᠳᠦᠪ᠎ᠢ ᠰᠢᠢ᠍ᠳᠪᠤᠷᠢᠯᠡᠬᠦ ᠲᠠᠢ᠍ᠢ᠍ᠨ᠎ᠤ ᠵᠠᠩᠭᠢᠯᠠᠭ᠎ᠠ ᠵᠢᠨ ᠠᠬᠢᠴᠠ ᠵᠢ ᠪᠡᠶᠡᠯᠡᠭᠦᠯᠪᠡ᠃ ᠠᠰᠠᠭᠤᠳᠠᠯ ᠵᠶ᠋ᠠᠷ ᠤᠳᠤᠷᠢᠳᠤᠮᠵᠢ ᠪᠣᠯᠭ᠋ᠠᠬᠤ ᠵᠢ ᠪᠠᠷᠢᠮᠲᠠᠯᠠᠵᠤ᠂ ᠭᠣᠣᠯᠳᠠᠯᠭ᠎ᠠ᠎ᠲᠠᠢ ᠳᠠᠶ᠋ᠢᠯᠠᠯᠳᠤᠭ᠋ᠠᠨ᠎ᠢ ᠪᠦᠬᠦ ᠬᠦᠴᠤ᠎ᠪᠠᠷ ᠵᠶ᠋ᠠᠨ ᠰᠠᠶ᠋ᠢᠲᠤᠷ ᠬᠢᠨ᠎ᠡ᠃ ᠪᠦᠬᠦ ᠵᠢᠯ᠎ᠳᠤ ᠵᠠᠰᠠᠭ᠎ᠤᠨ ᠣᠷᠳᠣᠨ᠎ᠤ ᠳᠠᠯᠳᠠ ᠴᠢᠨᠠᠷᠲᠠᠢ ᠥᠷᠢ ᠥᠭᠴᠡᠭᠡ ᠵᠢ 8195 ᠲᠦᠮᠡᠨ ᠲᠥᠭᠥᠷᠢᠭ ᠠᠷᠢᠯᠭ᠋ᠠᠵᠤ᠂ ᠵᠢᠯ᠎ᠤᠨ ᠡᠭᠦᠷᠭᠡ᠎ᠪᠠᠨ 162% ᠵᠶ᠋ᠠᠷ ᠪᠡᠶᠡᠯᠡᠭᠦᠯᠪᠡ᠃ ᠠᠷᠠᠳ᠎ᠤᠨ ᠡᠵᠡᠩᠨᠡᠯᠲᠡ ᠵᠢᠨ ᠠᠵᠤ ᠠᠬᠤᠶ᠋ᠢᠯᠠᠯ᠎ᠤᠨ ᠳᠤᠮᠳᠠ ᠵᠢᠵᠢᠭ ᠠᠵᠤ ᠠᠬᠤᠶ᠋ᠢᠯᠠᠯ᠎ᠤᠨ ᠥᠷᠢᠲᠦᠵᠦ ᠪᠠᠢ᠌ᠭ᠎ᠠ ᠳᠠᠩᠰᠠᠨ ᠵᠣᠭᠣᠰ᠎ᠢ 5678 ᠲᠦᠮᠡᠨ ᠲᠥᠭᠥᠷᠢᠭ ᠲᠥᠯᠥᠪᠡ᠃ ᠬᠣᠲᠠ ᠪᠠᠯᠭ᠋ᠠᠰᠤᠨ᠎ᠤ ᠣᠷᠣᠯᠭ᠎ᠠ ᠪᠠᠷᠤᠭᠲᠠᠢ ᠬᠥᠮᠦᠰ᠎ᠤᠨ ᠪᠣᠳᠠᠲᠤ ᠪᠠᠢ᠌ᠳᠠᠯ᠎ᠳᠤ ᠴᠢᠭᠯᠡᠭᠦᠯᠦᠨ᠂ ᠠᠵᠢᠯ ᠣᠯᠭᠣᠯᠲᠠ᠎ᠪᠠᠷ ᠬᠠᠪᠰᠤᠷᠤᠨ ᠲᠡᠳᠬᠦᠬᠦ ᠪᠠ ᠠᠶᠤᠯ ᠲᠦᠭᠰᠢᠭᠦᠷᠢ᠎ᠠᠴᠠ ᠠᠪᠤᠷᠠᠨ ᠲᠤᠰᠠᠯᠠᠬᠤ ᠡᠷᠴᠢᠮ ᠵᠶ᠋ᠠᠨ ᠴᠢᠩᠭ᠋ᠠᠳᠬᠠᠵᠤ᠂ ᠬᠦᠴᠢᠷᠳᠡᠯ᠎ᠲᠠᠢ ᠤᠯᠠᠨ ᠲᠦᠮᠡᠨ᠎ᠤ ᠦᠨᠳᠦᠰᠦᠨ ᠠᠮᠢᠳᠤᠷᠠᠯ᠎ᠢ ᠦᠨᠡᠨ ᠬᠦ᠌ ᠪᠠᠲᠤᠯᠠᠪᠠ᠃ ᠬᠥᠬᠡ ᠣᠭᠲᠠᠷᠭᠤᠶ᠂ ᠨᠣᠮᠢᠨ ᠤᠰᠤ᠂ ᠠᠷᠢᠭᠤᠨ ᠬᠥᠷᠥᠰᠥ ᠵᠢ ᠬᠠᠮᠠᠭ᠋ᠠᠯᠠᠬᠤ ᠳᠠᠶ᠋ᠢᠨ᠎ᠢ ᠡᠷᠡᠰ ᠰᠠᠶ᠋ᠢᠲᠤᠷ ᠬᠢᠵᠦ᠂ 4 ᠰᠠᠭᠤᠷᠢ ᠪᠠᠶ᠋ᠢᠭᠤᠯᠤᠭᠰᠠᠨ ᠲᠣᠭᠣᠷᠢᠭ᠎ᠤᠨ 10 ᠠᠭᠤᠷ᠎ᠤᠨ ᠲᠣᠨ ᠵᠢᠴᠢ ᠲᠡᠭᠦᠨ᠎ᠠᠴᠠ ᠳᠣᠷᠣᠭᠰᠢᠬᠢ ᠨᠡᠭᠦᠷᠡᠰᠦ ᠰᠢᠳᠠᠭ᠋ᠠᠬᠤ ᠵᠢᠵᠢᠭ ᠲᠤᠭᠤᠭ᠋ᠠᠲᠤ ᠵᠤᠤᠬ᠎ᠠ ᠵᠢ ᠰᠢᠭᠰᠢᠭᠳᠡᠭᠦᠯᠵᠦ᠂ 6 ᠲᠣᠰᠣ ᠨᠡᠮᠡᠬᠦ ᠥᠷᠲᠡᠭᠡ ᠵᠢᠨ ᠭᠠᠵᠠᠷ ᠳᠣᠣᠷᠠᠬᠢ ᠲᠣᠰᠣᠨ ᠰᠠᠪᠠ ᠵᠢᠨ ᠨᠡᠪᠴᠢᠯᠲᠡ ᠵᠢ ᠰᠡᠷᠭᠡᠶ᠋ᠢᠯᠡᠬᠦ ᠥᠭᠡᠷᠡᠴᠢᠯᠡᠯᠲᠡ ᠵᠢ ᠪᠡᠶᠡᠯᠡᠭᠦᠯᠪᠡ᠃ ᠤᠤᠭᠤᠬᠤ ᠤᠰᠤᠨ᠎ᠤ ᠲᠥᠪᠯᠡᠷᠡᠩᠭᠦᠶ ᠡᠬᠢ ᠰᠤᠷᠪᠤᠯᠵᠢ ᠵᠢᠨ ᠬᠠᠮᠠᠭ᠋ᠠᠯᠠᠯᠲᠠ ᠵᠢᠨ ᠣᠷᠣᠨ᠎ᠤ ᠵᠢᠷᠤᠮᠵᠢᠭᠰᠠᠨ ᠪᠦᠲᠦᠭᠡᠨ ᠪᠠᠶ᠋ᠢᠭᠤᠯᠤᠯᠲᠠ ᠵᠢᠨ ᠢᠨᠵᠧᠨᠧᠷᠢᠩ᠎ᠢ ᠬᠡᠷᠡᠭᠵᠢᠭᠦᠯᠵᠡᠢ᠃ ᠬᠣᠲᠠ ᠵᠢᠨ ᠠᠮᠢᠳᠤᠷᠠᠯ᠎ᠤᠨ ᠪᠣᠬᠢᠷ ᠤᠰᠤ ᠰᠢᠢ᠍ᠳᠪᠤᠷᠢᠯᠡᠬᠦ ᠤᠢ᠌ᠯᠡᠳᠪᠤᠷᠢ ᠵᠢᠨ ᠪᠠᠷᠢᠮᠵᠢᠶ᠎ᠠ ᠵᠢ ᠳᠡᠭᠡᠭᠰᠢᠯᠡᠭᠦᠯᠦᠨ ᠦᠭᠡᠷᠡᠴᠢᠯᠡᠵᠦ᠂ ᠳᠠᠬᠢᠯᠲᠠ ᠤᠰᠤ ᠵᠢ ᠡᠭᠡᠭᠦᠯᠦᠨ ᠬᠡᠷᠡᠭᠯᠡᠬᠦ ᠢᠨᠵᠧᠨᠧᠷᠢᠩ᠎ᠤᠨ ᠪᠦᠲᠦᠭᠡᠨ ᠪᠠᠶ᠋ᠢᠭᠤᠯᠤᠯᠲᠠ ᠵᠢ ᠠᠬᠢᠭᠤᠯᠵᠤ᠂ ᠪᠣᠬᠢᠷ ᠤᠰᠤ ᠰᠢᠢ᠍ᠳᠪᠤᠷᠢᠯᠡᠬᠦ ᠤᠢ᠌ᠯᠡᠳᠪᠤᠷᠢ ᠵᠢᠨ ᠤᠰᠤ ᠭᠠᠷᠭ᠋ᠠᠬᠤ ᠤᠰᠤᠨ᠎ᠤ ᠴᠢᠨᠠᠷ᠎ᠢ ᠤᠯᠤᠰ᠎ᠤᠨ ᠨᠢᠭᠡᠳᠦᠭᠡᠷ ᠳᠡᠰ᠎ᠤᠨ A ᠪᠠᠷᠢᠮᠵᠢᠶ᠎ᠠ ᠵᠢ ᠬᠡᠷᠡᠭᠵᠢᠭᠦᠯᠵᠡᠢ᠃ ᠪᠣᠬᠢᠷᠲᠤᠯ ᠦᠭᠡᠢ ᠠᠭᠤᠷᠬᠠᠢ ᠵᠢᠨ ᠪᠦᠲᠦᠭᠡᠨ ᠪᠠᠶ᠋ᠢᠭᠤᠯᠤᠯᠲᠠ ᠢᠳᠡᠪᠬᠢᠲᠡᠢ ᠠᠬᠢᠴᠠ᠎ᠲᠠᠢ ᠪᠣᠯᠵᠤ᠂ ᠭᠣᠣᠯᠳᠠᠯᠭ᠎ᠠ᠎ᠲᠠᠢ ᠠᠵᠤ ᠠᠬᠤᠶ᠋ᠢᠯᠠᠯ᠎ᠤᠨ ᠬᠥᠷᠥᠰᠥ ᠰᠢᠷᠣᠢ ᠵᠢᠨ ᠣᠷᠴᠢᠨ ᠲᠣᠭᠣᠷᠢᠨ᠎ᠤ ᠬᠢᠨᠠᠨ ᠬᠠᠮᠢᠶᠠᠷᠤᠯᠲᠠ ᠵᠢᠨ ᠬᠠᠷᠠᠯᠲᠠ ᠡᠭᠦᠷᠭᠡ ᠵᠢ ᠪᠡᠶᠡᠯᠡᠬᠦᠯᠵᠡᠢ᠃
(ᠭᠤᠷᠪᠠ) ᠠᠮᠢ ᠠᠬᠤᠢ ᠵᠢᠨ ᠬᠠᠮᠠᠭ᠋ᠠᠯᠠᠯᠲᠠ ᠢᠯᠡᠳᠲᠡ ᠠᠮᠵᠢᠯᠲᠠ ᠣᠯᠪᠠ᠃ ᠲᠥᠪ᠎ᠤᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠱᠠᠯᠠᠪᠳᠠᠭᠤᠯᠤᠨ ᠪᠠᠶ᠋ᠢᠴᠠᠭ᠋ᠠᠯᠲᠠ ᠵᠢᠨ 《ᠡᠷᠬᠢᠨ ᠬᠠᠷᠠᠬᠤ》 ᠳᠤᠮᠳᠠ ᠬᠠᠷᠢᠭᠤ ᠲᠤᠰᠬᠠᠭᠰᠠᠨ ᠠᠰᠠᠭᠤᠳᠠᠯ᠎ᠢ ᠴᠡᠭᠴᠡᠯᠡᠨ ᠰᠠᠶ᠋ᠢᠵᠢᠷᠠᠭᠤᠯᠬᠤ ᠠᠵᠢᠯ᠎ᠢ ᠡᠮᠬᠢ ᠵᠢᠷᠤᠮ᠎ᠲᠠᠢ ᠠᠬᠢᠭᠤᠯᠵᠤ᠂ ᠨᠡᠶ᠋ᠢᠲᠡᠴᠢ ᠴᠢᠨᠠᠷᠲᠠᠢ ᠠᠰᠠᠭᠤᠳᠠᠯ ᠪᠠ ᠥᠪᠡᠷᠮᠢᠴᠡ ᠴᠢᠨᠠᠷᠲᠠᠢ ᠠᠰᠠᠭᠤᠳᠠᠯ᠎ᠢ ᠴᠡᠭᠴᠡᠯᠡᠨ ᠰᠠᠶ᠋ᠢᠵᠢᠷᠠᠭᠤᠯᠬᠤ ᠵᠢ ᠪᠡᠶᠡᠯᠡᠬᠦᠯᠵᠠᠢ᠃ ᠰᠢᠶᠠᠨ᠎ᠤ ᠬᠡᠪᠴᠢᠶᠡᠨ᠎ᠤ ᠠᠮᠢ ᠠᠬᠤᠶ ᠣᠷᠴᠢᠨ ᠲᠣᠭᠣᠷᠢᠨ᠎ᠤ ᠶᠠᠰᠤ ᠴᠢᠨᠠᠷ᠎ᠢ ᠰᠢᠯᠭ᠋ᠠᠨ ᠬᠢᠨᠠᠬᠤ ᠠᠵᠢᠯ ᠪᠥᠬᠥ ᠤᠯᠤᠰ᠎ᠤᠨ ᠡᠮᠦᠨ᠎ᠡ ᠡᠩᠨᠡᠭᠡᠨ᠎ᠳᠤ ᠣᠷᠣᠵᠤ᠂ ᠶᠡᠷᠦᠩᠬᠡᠶ᠋ᠢᠯᠡᠨ ᠦᠨᠡᠯᠡᠭᠰᠡᠨ ᠵᠢᠭ᠋ᠠᠯᠲᠠ ᠵᠢᠨ ᠲᠣᠭ᠎ᠠ᠎ᠨᠢ ᠪᠥᠬᠥ ᠤᠯᠤᠰ᠎ᠤᠨ ᠠᠷᠪᠠᠳᠤᠭ᠋ᠠᠷ ᠪᠠᠶ᠋ᠢᠷᠢᠨ᠎ᠳᠤ ᠣᠷᠣᠵᠤ᠂ ᠪᠥᠬᠥ ᠣᠷᠣᠨ᠎ᠤ ᠲᠡᠷᠢᠭᠦᠨ᠎ᠳᠤ ᠣᠷᠣᠪᠠ᠃ ᠤᠯᠤᠰ᠎ᠤᠨ ᠠᠮᠢ ᠠᠬᠤᠶ ᠵᠢᠨ ᠪᠣᠯᠪᠠᠰᠤᠨ᠎ᠤ ᠪᠠᠶ᠋ᠢᠭᠤᠯᠤᠯᠲᠠ ᠵᠢᠨ ᠵᠢᠱ᠌ᠢᠶ᠎ᠡ ᠦᠵᠡᠭᠦᠯᠬᠦ ᠬᠣᠲᠠ ᠵᠢ ᠠᠮᠵᠢᠯᠲᠠ᠎ᠲᠠᠢ ᠡᠭᠦᠳᠦᠨ ᠪᠠᠶ᠋ᠢᠭᠤᠯᠵᠤ᠂ ᠪᠥᠬᠥ ᠤᠯᠤᠰ᠎ᠤᠨ ᠭᠤᠷᠪᠠᠳᠤᠭ᠋ᠠᠷ ᠪᠦᠯᠦᠭ᠂ ᠪᠥᠬᠥ ᠣᠷᠣᠨ᠎ᠤ ᠬᠣᠶᠠᠳᠤᠭ᠋ᠠᠷ ᠪᠦᠯᠦᠭ᠂ ᠬᠥᠯᠥᠨ ᠪᠣᠶ᠋ᠢᠷ ᠬᠣᠲᠠ ᠵᠢᠨ ᠴᠣᠷ᠎ᠤᠨ ᠭᠠᠭᠴᠠ ᠨᠡᠷᠡᠶ᠋ᠢᠳᠦᠨ ᠬᠥᠬᠢᠭᠦᠯᠦᠭᠳᠡᠭᠰᠡᠨ ᠭᠠᠵᠠᠷ ᠣᠷᠣᠨ ᠪᠣᠯᠤᠨ᠎ᠠ᠃ ᠠᠵᠤ ᠠᠬᠤᠶ᠋ᠢᠯᠠᠯ ᠠᠵᠢᠯ ᠤᠢ᠌ᠯᠡᠰ᠎ᠤᠨ ᠨᠢᠭᠡᠴᠢ ᠵᠢᠨ ᠠᠶᠤᠯᠲᠠᠶ ᠬᠠᠶᠠᠭᠳᠠᠮᠠᠯ ᠪᠣᠳᠠᠰ᠎ᠤᠨ ᠬᠠᠮᠢᠶᠠᠷᠤᠯᠲᠠ ᠵᠢ ᠴᠢᠩᠭ᠎ᠠ ᠠᠳᠬᠤᠵᠤ᠂ ᠪᠣᠬᠢᠷᠲᠤᠯ᠎ᠤᠨ ᠡᠬᠢ ᠰᠤᠷᠪᠤᠯᠵᠢ ᠵᠢ ᠨᠡᠶ᠋ᠢᠳᠡᠮ ᠪᠠᠶ᠋ᠢᠴᠠᠭ᠋ᠠᠬᠤ ᠠᠵᠢᠯ᠎ᠢ ᠥᠷᠨᠢᠭᠦᠯᠪᠡ᠃ ᠭᠣᠤᠯ ᠮᠥᠷᠡᠨ᠎ᠤ ᠳᠠᠷᠤᠭ᠎ᠠ ᠵᠢᠨ ᠳᠦᠷᠢᠮ᠎ᠢ ᠪᠦᠬᠦ ᠲᠠᠯ᠎ᠠ᠎ᠪᠠᠷ ᠬᠡᠷᠡᠭᠵᠢᠭᠦᠯᠵᠦ᠂ ᠭᠤᠷᠪᠠᠳᠤᠭ᠋ᠠᠷ ᠳᠡᠰ᠎ᠤᠨ ᠭᠣᠤᠯ ᠮᠥᠷᠡᠨ᠎ᠤ ᠳᠠᠷᠤᠭ᠎ᠠ ᠵᠢ ᠪᠠᠶ᠋ᠢᠩᠭᠤᠵᠢᠭᠤᠯᠤᠨ ᠭᠣᠤᠯ ᠴᠠᠭᠳᠠᠨ᠎ᠠ᠃ ᠭᠣᠣᠯ ᠮᠥᠷᠡᠨ ᠨᠠᠭᠤᠷ ᠴᠥᠭᠥᠷᠥᠮ᠎ᠤᠨ ᠤᠰᠤᠨ ᠣᠷᠣᠨ᠎ᠤ ᠡᠷᠭᠢ ᠵᠢᠨ ᠱᠤᠭᠤᠮ᠎ᠢ ᠵᠠᠭ᠋ᠠᠭᠯᠠᠨ ᠲᠣᠭᠲᠠᠭ᠋ᠠᠬᠤ ᠪᠠ ᠭᠣᠣᠯ᠎ᠤᠨ ᠵᠠᠮ ᠳᠡᠭᠡᠷ᠎ᠡ ᠡᠯᠡᠰᠦ ᠮᠠᠯᠲᠠᠬᠤ ᠲᠥᠯᠥᠪᠵᠢᠭᠦᠯᠭᠡ ᠵᠢ ᠨᠠᠶ᠋ᠢᠷᠠᠭᠤᠯᠤᠨ ᠵᠣᠬᠢᠶᠠᠵᠤ᠂ 《ᠳᠦᠷᠪᠡᠨ ᠰᠠᠮᠠᠭᠤᠷᠠᠯ》᠎ᠤᠨ ᠠᠰᠠᠭᠤᠳᠠᠯ᠎ᠢ ᠪᠦᠬᠦ ᠲᠠᠯ᠎ᠠ᠎ᠪᠠᠷ ᠴᠡᠭᠴᠡᠯᠡᠨ ᠵᠠᠰᠠᠵᠤ᠂ ᠭᠡᠭᠡᠨ ᠭᠣᠣᠯ ᠤᠰᠤᠨ ᠠᠰᠢᠭᠯᠠᠯᠲᠠ ᠵᠢᠨ ᠶᠠᠮᠤᠨ᠎ᠠᠴᠠ 《ᠠᠮᠢ ᠠᠬᠤᠢ ᠵᠢᠨ ᠭᠣᠣᠯ ᠮᠥᠷᠡᠨ》 ᠵᠶ᠋ᠠᠷ ᠦᠨᠡᠯᠡᠭᠳᠡᠪᠡ᠃ ᠴᠤᠤ ᠴᠠ ᠾᠧ ᠭᠣᠣᠯ᠎ᠤᠨ ᠦᠶᠡᠷ᠎ᠢ ᠰᠡᠷᠭᠡᠶ᠋ᠢᠯᠡᠬᠦ ᠢᠨᠵᠸᠨ᠋ᠸᠷᠢᠩ᠂ ᠭᠡᠭᠡᠨ ᠭᠣᠣᠯ᠎ᠤᠨ ᠰᠢᠷᠦᠭᠦᠨ ᠤᠷᠤᠰᠬᠠᠯ᠎ᠲᠠᠢ ᠴᠢᠬᠤᠯᠠ ᠭᠣᠣᠯ ᠤᠷᠤᠰᠬᠠᠯ᠎ᠢ ᠵᠠᠰᠠᠬᠤ ᠢᠨᠵᠸᠨ᠋ᠸᠷᠢᠩ ᠤᠷᠤᠭᠰᠢᠲᠠᠢ ᠶᠠᠪᠤᠭᠳᠠᠵᠤ ᠪᠠᠶ᠋ᠢᠨ᠎ᠠ᠃ ᠰᠠᠷᠠᠪᠴᠢ ᠪᠠ ᠵᠤᠰᠠᠯᠠᠩ ᠪᠠᠶ᠋ᠢᠭᠤᠯᠬᠤ ᠵᠢ ᠵᠥᠷᠢᠴᠡᠭᠰᠡᠨ ᠠᠰᠠᠭᠤᠳᠠᠯ᠎ᠢ ᠴᠡᠪᠡᠷᠯᠡᠨ ᠪᠠᠶ᠋ᠢᠴᠠᠭ᠋ᠠᠵᠤ᠂ ᠴᠡᠭᠴᠡᠯᠡᠨ ᠵᠠᠰᠠᠬᠤ ᠲᠤᠰᠬᠠᠶ ᠠᠵᠢᠯᠯᠠᠭ᠎ᠠ ᠵᠢ ᠦᠷᠨᠢᠬᠦᠯᠵᠠᠢ᠃ 517 ᠲᠦᠮᠡᠨ ᠲᠥᠭᠥᠷᠢᠭ ᠪᠡᠯᠡ ᠣᠷᠣᠭᠤᠯᠵᠤ ᠭᠠᠵᠠᠷ ᠰᠢᠨᠵᠢᠯᠡᠭᠡᠨ᠎ᠤ ᠣᠷᠴᠢᠨ ᠲᠣᠭᠣᠷᠢᠨ᠎ᠢ ᠰᠡᠷᠭᠦᠭᠡᠨ ᠵᠠᠰᠠᠬᠤ ᠢᠨᠵᠸᠨ᠋ᠸᠷᠢᠩ᠎ᠢ ᠬᠡᠷᠡᠭᠵᠢᠭᠦᠯᠵᠦ᠂ 0.52 ᠲᠡᠭᠰᠢ ᠳᠥᠷᠪᠡᠯᠵᠢᠨ ᠺᠢᠯᠣᠮᠧᠲᠷ᠎ᠤᠨ ᠲᠠᠯᠠᠪᠠᠢ ᠵᠢ ᠵᠠᠰᠠᠵᠠᠢ᠃ ᠪᠢᠯᠢᠭ ᠬᠦᠴᠢᠯᠲᠥ᠋ᠷᠥᠭᠴᠢᠲᠦ ᠢᠶᠣᠨ ᠬᠢᠨᠠᠨ ᠬᠡᠮᠵᠢᠬᠦ ᠥᠷᠲᠡᠭᠡ ᠵᠢᠨ ᠪᠦᠲᠦᠭᠡᠨ ᠪᠠᠶ᠋ᠢᠭᠤᠯᠤᠯᠲᠠ ᠵᠢ ᠪᠡᠶᠡᠯᠡᠭᠦᠯᠵᠦ᠂ ᠲᠣᠭ᠎ᠠ ᠪᠠᠷᠢᠮᠲᠠ ᠵᠢ ᠴᠠᠭ ᠲᠤᠬᠠᠶ᠎ᠳᠤᠨᠢ ᠴᠤᠭᠯᠠᠭᠤᠯᠤᠨ᠎ᠠ᠃ ᠪᠥᠬᠥ ᠵᠢᠯ᠎ᠤᠨ ᠠᠭ᠋ᠠᠷ᠎ᠤᠨ ᠶᠠᠰᠤ ᠴᠢᠨᠠᠷ ᠬᠦᠴᠦᠨ᠎ᠲᠠᠢ ᠰᠢᠯᠢᠳᠡᠭ ᠰᠠᠶ᠋ᠢᠨ ᠡᠳᠦᠷ᠎ᠤᠨ ᠲᠣᠭ᠎ᠠ ᠵᠢᠨ ᠬᠠᠷᠢᠴᠠᠯ᠎ᠢ 100%᠎ᠳᠤ ᠬᠦᠷᠤᠭᠦᠯᠤᠨ᠂ ᠣᠢ ᠰᠢᠭᠤᠢ ᠵᠢᠨ ᠡᠬᠢ ᠪᠠᠶᠠᠯᠢᠭ᠎ᠤᠨ ᠬᠠᠮᠢᠶᠠᠷᠤᠯᠲᠠ ᠬᠠᠮᠠᠭ᠋ᠠᠯᠠᠯᠲᠠ ᠵᠢ ᠴᠢᠩᠭ᠋ᠠᠳᠬᠠᠵᠤ᠂ ᠣᠢ ᠰᠢᠭᠤᠢ ᠨᠤᠲᠤᠭ ᠪᠡᠯᠴᠢᠭᠡᠷ᠎ᠤᠨ ᠭᠠᠯ ᠰᠡᠷᠭᠡᠢ᠌ᠯᠡᠬᠦ ᠰᠠᠭᠤᠷᠢ ᠲᠥᠬᠥᠭᠡᠷᠦᠮᠵᠢ ᠵᠢᠨ ᠪᠦᠲᠦᠭᠡᠨ ᠪᠠᠢ᠌ᠭᠤᠯᠤᠯᠲᠠ ᠵᠢ ᠪᠡᠶᠡᠯᠡᠭᠦᠯᠦᠨ᠎ᠡ᠃ ᠪᠥᠬᠥ ᠵᠢᠯ᠎ᠳᠤ 511 ᠮᠥ᠍ ᠠᠯᠪᠠᠨ ᠵᠢᠷᠤᠮ᠎ᠤᠨ ᠮᠣᠳᠣ ᠳᠠᠷᠢᠵᠤ᠂ 922 ᠮᠥ᠍ ᠭᠣᠤᠯᠳᠠᠯᠭ᠎ᠠ᠎ᠲᠠᠢ ᠣᠷᠣᠨ ᠪᠦᠰᠡ ᠵᠢ ᠨᠣᠭᠣᠭ᠋ᠠᠷᠠᠭᠤᠯᠪᠠ᠃
(ᠳᠥᠷᠪᠡ) ᠠᠵᠤ ᠤᠢ᠌ᠯᠡᠰ᠎ᠤᠨ ᠬᠥᠭᠵᠢᠯᠲᠡ ᠵᠢᠨ ᠶᠠᠰᠤ ᠴᠢᠨᠠᠷ᠎ᠢ ᠳᠡᠭᠡᠭᠰᠢᠯᠡᠭᠦᠯᠵᠡᠢ᠃ ᠠᠮᠢ ᠠᠬᠤᠢ ᠵᠢ ᠤᠷᠢᠳ ᠵᠶ᠋ᠠᠷ ᠪᠣᠳᠣᠯᠬᠢᠯᠠᠬᠤ᠂ ᠪᠣᠬᠢᠷᠲᠤᠯ ᠦᠭᠡᠢ ᠬᠥᠭᠵᠢᠯᠲᠡ᠎ᠪᠠᠷ ᠤᠳᠤᠷᠢᠳᠤᠮᠵᠢ ᠪᠣᠯᠭ᠋ᠠᠬᠤ ᠵᠢ ᠪᠠᠷᠢᠮᠳᠠᠯᠠᠵᠦ᠂ ᠠᠵᠤ ᠦᠢ᠍ᠯᠡᠰ᠎ᠤᠨ ᠰᠢᠯᠢᠳᠡᠭᠵᠢᠨ ᠳᠡᠰ ᠳᠡᠪᠰᠢᠬᠦ ᠵᠢ ᠲᠦᠷᠭᠡᠳᠬᠡᠨ ᠠᠬᠢᠭᠤᠯᠵᠤ᠂ ᠠᠵᠤ ᠠᠬᠤᠢ ᠵᠢᠨ ᠬᠦᠭᠵᠢᠯᠲᠡ ᠵᠢᠨ ᠶᠠᠰᠤ ᠴᠢᠨᠠᠷ ᠪᠠ ᠦᠷ᠎ᠡ ᠠᠰᠢᠭ ᠲᠠᠰᠤᠷᠠᠯᠲᠠ ᠦᠭᠡᠢ ᠳᠡᠭᠡᠭᠰᠢᠯᠡᠪᠡ᠃
ᠣᠨᠴᠠᠯᠢᠭᠲᠤ ᠠᠵᠤ ᠦᠢ᠍ᠯᠡᠰ᠎ᠢ ᠢᠳᠡᠪᠬᠢᠲᠡᠢ ᠬᠦᠭᠵᠢᠭᠦᠯᠵᠡᠢ᠃ ᠤᠢ ᠵᠢᠨ ᠬᠣᠷᠮᠣᠶ ᠵᠢᠨ ᠡᠬᠢ ᠪᠠᠶᠠᠯᠢᠭ᠎ᠢ ᠪᠠᠶ᠋ᠢᠴᠠᠭ᠋ᠠᠬᠤ ᠪᠠ ᠴᠠ ᠪᠤᠭᠤ ᠲᠡᠵᠢᠭᠡᠨ ᠦᠷᠡᠵᠢᠭᠦᠯᠬᠦ ᠤᠢ ᠵᠢᠨ ᠬᠤᠭᠤᠷᠤᠨᠳᠤᠬᠢ ᠪᠡᠯᠴᠢᠭᠡᠷ᠎ᠤᠨ ᠪᠠᠭᠲᠠᠭ᠋ᠠᠮᠵᠢ ᠵᠢᠨ ᠨᠡᠶ᠋ᠢᠳᠡᠮ ᠪᠠᠶ᠋ᠢᠴᠠᠭ᠋ᠠᠯᠲᠠ ᠵᠢᠨ ᠠᠵᠢᠯ᠎ᠢ ᠥᠷᠨᠢᠭᠦᠯᠪᠡ᠃ ᠬᠢᠲᠠᠳ ᠡᠪᠡᠰᠦᠨ ᠡᠮ᠎ᠤᠨ ᠰᠠᠭᠤᠷᠢᠨ ᠭᠠᠵᠠᠷ᠎ᠲᠤ 500 ᠮᠦ᠍ ᠴᠠᠨ᠎ᠠ ᠴᠡᠴᠡᠭ ᠲᠠᠷᠢᠬᠤ ᠵᠢ ᠪᠡᠶᠡᠯᠡᠭᠦᠯᠵᠦ᠂ ᠬᠣᠩ ᠶᠤᠸᠠᠨ ᠺᠣᠮᠫᠠᠨᠢ ᠵᠢᠨ ᠠᠭᠤᠷᠬᠠᠶ ᠵᠢᠨ ᠤᠰᠤ ᠵᠢ ᠨᠡᠭᠡᠭᠡᠨ ᠠᠰᠢᠭᠯᠠᠬᠤ ᠠᠵᠢᠯ ᠤᠷᠤᠭᠰᠢᠲᠠᠶ ᠶᠠᠪᠤᠭᠳᠠᠵᠤ᠂ ᠯᠢᠨ ᠬᠠᠶ ᠶᠤᠸᠠᠨ ᠺᠣᠮᠫᠠᠨᠢ ᠵᠢᠨ ᠵᠡᠷᠯᠢᠭ ᠵᠢᠮᠢᠰ ᠪᠣᠯᠪᠠᠰᠤᠷᠠᠭᠤᠯᠬᠤ ᠴᠢᠳᠠᠪᠤᠷᠢ ᠲᠠᠰᠤᠷᠠᠯᠲᠠ ᠤᠢ᠍ᠭᠡᠢ ᠳᠡᠭᠡᠭᠰᠢᠯᠡᠵᠡᠢ᠃ ᠬᠥᠯᠥᠨ ᠪᠣᠶ᠋ᠢᠷ᠎ᠤᠨ ᠵᠧᠩ ᠰᠢᠨ ᠺᠣᠮᠫᠠᠨᠢ ᠵᠢ ᠣᠷᠣᠭᠤᠯᠤᠨ ᠪᠦᠯᠢᠶᠦᠢ᠍ᠺ (ᠳᠠᠪᠤᠰᠤᠯᠠᠭᠰᠠᠨ ᠨᠤᠭᠤᠭ᠎ᠠ)᠎ᠤᠨ ᠪᠦᠲᠦᠭᠡᠭᠳᠡᠬᠦᠨ᠎ᠢ ᠨᠡᠭᠡᠭᠡᠨ ᠬᠦᠭᠵᠢᠭᠦᠯᠵᠡᠢ᠃ ᠴᠠ ᠪᠤᠭᠤ ᠵᠢᠨ ᠡᠭᠦᠯᠳᠡᠷ ᠣᠷᠣᠭᠤᠯᠤᠨ ᠦᠷᠡᠵᠢᠭᠦᠯᠬᠦ ᠲᠥᠪ᠎ᠤᠨ ᠦᠢ᠍ᠯᠡᠳᠦᠯ᠎ᠢ ᠭᠦᠢ᠍ᠴᠡᠳ ᠪᠠᠳᠠᠷᠠᠭᠤᠯᠵᠤ᠂ ᠳᠤᠮᠳᠠᠳᠤ ᠤᠯᠤᠰ᠎ᠤᠨ ᠣᠨᠴᠠ ᠲᠥᠷᠥᠯ᠎ᠤᠨ ᠠᠮᠢᠲᠠᠨ᠎ᠤ ᠰᠤᠳᠤᠯᠭ᠋ᠠᠨ᠎ᠤ ᠭᠠᠵᠠᠷ᠎ᠯᠤᠭ᠎ᠠ ᠬᠠᠮᠲᠤᠷᠠᠯᠴᠠᠵᠤ᠂ ᠳᠣᠲᠣᠭ᠋ᠠᠳᠤ᠎ᠳᠠᠭᠠᠨ ᠴᠡᠪᠡᠷᠵᠢᠭᠦᠯᠦᠨ ᠬᠦᠴᠦᠷᠬᠡᠭᠵᠢᠭᠦᠯᠵᠦ᠂ ᠴᠠ ᠪᠤᠭᠤ ᠵᠢᠨ ᠳᠦᠷᠰᠦ ᠵᠢᠨ ᠰᠦᠷᠦᠭ᠎ᠤᠨ ᠬᠥᠭᠵᠢᠨ ᠪᠤᠵᠠᠭ᠋ᠠᠢ᠌ᠷᠠᠬᠤ ᠵᠢ ᠠᠬᠢᠭᠤᠯᠵᠠᠢ᠃
ᠤᠯᠠᠮᠵᠢᠯᠠᠯᠲᠤ ᠠᠵᠤ ᠤᠢ᠌ᠯᠡᠰ᠎ᠢ ᠡᠮᠬᠢ ᠵᠢᠷᠤᠮ᠎ᠲᠠᠢ᠎ᠪᠠᠷ ᠬᠦᠭᠵᠢᠬᠦᠯᠵᠡᠢ᠃ ᠣᠢ ᠰᠢᠭᠤᠶ ᠵᠢᠨ ᠭᠠᠷᠤᠯᠲᠠ ᠵᠢᠨ ᠠᠵᠤ ᠦᠢ᠍ᠯᠡᠳᠪᠦᠷᠢ ᠬᠡᠯᠪᠡᠷᠢ᠎ᠪᠠᠨ ᠬᠤᠪᠢᠷᠠᠭᠤᠯᠵᠤ᠂ ᠭᠧᠨ ᠯᠢᠨ ᠮᠣᠳᠣᠨ᠎ᠤ ᠦᠢ᠍ᠯᠡᠰ᠎ᠤᠨ ᠺᠣᠮᠫᠠᠨᠢ ᠵᠢᠨ ᠮᠣᠳᠣᠨ ᠭᠡᠷ᠎ᠤᠨ ᠵᠢᠯ᠎ᠤᠨ ᠦᠢ᠍ᠯᠡᠳᠪᠦᠷᠢᠯᠡᠯ᠎ᠤᠨ ᠴᠢᠳᠠᠪᠤᠷᠢ᠎ᠨᠢ 3 ᠲᠦᠮᠡᠨ ᠲᠡᠭᠰᠢ ᠳᠥᠷᠪᠡᠯᠵᠢᠨ ᠮᠧᠲᠷ᠎ᠲᠤ ᠬᠦᠷᠴᠦ᠂ ᠤᠭᠰᠠᠷᠠᠮᠠᠯ ᠮᠠᠶᠢᠭ᠎ᠤᠨ ᠤᠳᠤ ᠦᠶ᠎ᠡ ᠵᠢᠨ ᠮᠣᠳᠣᠨ ᠪᠦᠳᠤᠴᠡ᠎ᠲᠠᠢ ᠪᠠᠷᠢᠯᠭ᠎ᠠ᠎ᠪᠠᠷ ᠭᠣᠣᠯ ᠪᠣᠯᠭ᠋ᠠᠭᠰᠠᠨ ᠦᠢ᠍ᠯᠡᠳᠬᠦᠨ᠎ᠤ ᠴᠤᠪᠤᠷᠠᠯ᠎ᠢ ᠪᠦᠷᠢᠯᠳᠦᠭᠦᠯᠪᠡ᠃ ᠪᠣᠬᠢᠷᠲᠤᠯ ᠦᠭᠡᠢ ᠠᠭᠤᠷᠬᠠᠢ ᠵᠢ ᠶᠡᠬᠡᠪᠡᠷ ᠪᠦᠲᠦᠭᠡᠨ ᠪᠠᠶ᠋ᠢᠭᠤᠯᠵᠤ᠂ ᠱᠠᠨ ᠵᠢᠨ ᠠᠭᠤᠷᠬᠠᠶ ᠵᠢᠨ ᠭᠤᠷᠪᠠᠨ ᠭᠣᠤᠯ᠎ᠤᠨ ᠬᠠᠷ᠎ᠠ ᠲᠤᠭᠤᠯᠭ᠎ᠠ ᠴᠠᠶ᠋ᠢᠷ᠎ᠤᠨ ᠠᠭᠤᠷᠬᠠᠶ ᠵᠢᠨ Ⅱ ᠳ᠋ᠤᠭ᠋ᠠᠷ ᠠᠭᠤᠷᠬᠠᠢ ᠵᠢ ᠥᠪᠡᠷᠲᠡᠭᠡᠨ ᠵᠠᠰᠠᠬᠤ ᠣᠷᠣᠨ᠎ᠤ ᠪᠣᠬᠢᠷᠲᠤᠯ ᠥᠬᠡᠶ ᠠᠭᠤᠷᠬᠠᠶ ᠵᠢᠨ ᠨᠡᠷᠡᠰ᠎ᠤᠨ ᠵᠢᠭᠰᠠᠭ᠋ᠠᠯᠲᠠ᠎ᠳᠤ ᠣᠷᠣᠭᠤᠯᠵᠤ᠂ ᠰᠸᠨ ᠰᠢᠨ ᠠᠭᠤᠷᠬᠠᠶ ᠵᠢᠨ ᠤᠢ᠌ᠯᠡᠰ᠎ᠤᠨ ᠰᠠᠨ ᠳ᠋ᠤᠤ ᠴᠢᠶᠣᠤ ᠲᠤᠭᠤᠯᠭ᠎ᠠ ᠴᠠᠶ᠋ᠢᠷ᠎ᠤᠨ ᠠᠭᠤᠷᠬᠠᠶ ᠪᠠ ᠱᠠᠨ ᠵᠢᠨ ᠠᠭᠤᠷᠬᠠᠢ ᠵᠢᠨ ᠤᠢ᠌ᠯᠡᠰ᠎ᠤᠨ ᠳ᠋ᠧ ᠯᠦᠩ ᠬᠠᠷ᠎ᠠ ᠲᠤᠭᠤᠯᠭ᠎ᠠ ᠴᠠᠶ᠋ᠢᠷ᠎ᠤᠨ ᠠᠭᠤᠷᠬᠠᠶ ᠵᠢᠨ ᠪᠣᠬᠢᠷᠲᠤᠯ ᠥᠬᠡᠶ ᠠᠭᠤᠷᠬᠠᠢ ᠵᠢᠨ ᠪᠥᠲᠥᠭᠡᠨ ᠪᠠᠶ᠋ᠢᠭᠤᠯᠤᠯᠲᠠ᠎ᠳᠤ ᠭᠤᠷᠪᠠᠳᠠᠬᠢ ᠡᠲᠡᠭᠡᠳ᠎ᠤᠨ ᠦᠨᠡᠯᠡᠨ ᠵᠢᠱ᠌ᠢᠯᠲᠡ ᠵᠢ ᠥᠩᠭᠡᠷᠡᠭᠡᠪᠡ᠃ ᠠᠭᠤᠷᠬᠠᠢ ᠵᠢᠨ ᠠᠵᠤ ᠠᠬᠤᠶ᠋ᠢᠯᠠᠯ᠎ᠤᠨ ᠠᠴᠢᠶ᠎ᠠ ᠳᠦᠭᠦᠷᠡᠩ ᠦᠢ᠍ᠯᠡᠳᠪᠦᠷᠢᠯᠡᠯ᠎ᠢ ᠲᠦᠯᠬᠢᠨ ᠠᠬᠢᠭᠤᠯᠵᠤ᠂ 4.2 ᠲᠥᠭᠥᠷᠢᠭ᠎ᠤᠨ ᠦᠢ᠍ᠯᠡᠳᠬᠦᠨ᠎ᠤ ᠥᠷᠲᠡᠭ᠎ᠢ ᠪᠡᠶᠡᠯᠡᠭᠦᠯᠪᠡ᠃
ᠰᠣᠶᠣᠯ ᠵᠢᠭᠤᠯᠴᠢᠯᠠᠯ᠎ᠤᠨ ᠠᠵᠤ ᠤᠢ᠌ᠯᠡᠰ᠎ᠢ ᠶᠡᠬᠡᠪᠡᠷ ᠬᠦᠭᠵᠢᠭᠦᠯᠵᠡᠢ᠃ ᠠᠩᠬᠠᠳᠤᠭ᠋ᠠᠷ ᠬᠤᠭᠤᠴᠠᠭ᠋ᠠᠨ᠎ᠤ ᠭᠡᠭᠡᠨ ᠭᠣᠤᠯ ᠬᠣᠲᠠ ᠵᠢᠨ ᠰᠣᠶᠣᠯ ᠵᠢᠭᠤᠯᠴᠢᠯᠠᠯ᠎ᠤᠨ ᠪᠦᠲᠦᠭᠡᠭᠳᠡᠬᠦᠨ᠎ᠤ ᠮᠡᠳᠡᠭᠡ ᠵᠠᠩᠭᠢ ᠨᠡᠶ᠋ᠢᠲᠡᠯᠡᠬᠦ ᠬᠤᠷᠠᠯ᠂ ᠳᠥᠷᠪᠡᠨ ᠤᠯᠠᠷᠢᠯ᠎ᠤᠨ ᠭᠡᠭᠡᠨ ᠭᠣᠤᠯ᠎ᠤᠨ ᠭᠡᠷᠡᠯ ᠵᠢᠷᠤᠭ᠎ᠤᠨ ᠤᠷᠤᠯᠳᠤᠭ᠋ᠠᠨ᠂ ᠠᠷᠪᠠᠨ ᠳᠥᠷᠪᠡᠳᠦᠭᠡᠷ ᠬᠤᠭᠤᠴᠠᠭ᠋ᠠᠨ᠎ᠤ ᠡᠪᠦᠯ᠎ᠤᠨ ᠤᠯᠠᠷᠢᠯ᠎ᠤᠨ《ᠰᠦᠷᠯᠢᠭ ᠰᠠᠢ᠌ᠬᠠᠨ ᠭᠡᠭᠡᠨ ᠭᠣᠤᠯ》ᠤᠷᠠᠨ ᠪᠢᠴᠢᠯᠭᠡ ᠤᠷᠠᠨ ᠵᠢᠷᠤᠭ᠎ᠤᠨ ᠦᠵᠡᠭᠦᠯᠦᠯᠭᠡ ᠵᠡᠷᠭᠡ ᠠᠵᠢᠯᠯᠠᠭ᠎ᠠ ᠵᠢ ᠠᠮᠵᠢᠯᠲᠠ᠎ᠲᠠᠢ ᠡᠷᠬᠢᠯᠡᠵᠡᠶ᠃ ᠪᠡᠭᠡᠵᠢᠩ᠂ ᠱᠠᠩᠬᠠᠶ᠂ ᠺᠦᠨᠮᠢᠩ᠂ ᠬᠠᠢ᠍ᠢ᠍ᠺᠸᠤ ᠵᠡᠷᠭᠡ ᠭᠠᠵᠠᠷ᠎ᠲᠤ ᠠᠮᠢ ᠠᠬᠤᠢ ᠵᠢᠨ ᠬᠦᠢ᠍ᠲᠡᠨ ᠲᠤᠢ᠌ᠯ᠎ᠤᠨ ᠤᠬᠠᠭᠤᠯᠭ᠎ᠠ ᠬᠢᠵᠦ᠂ 《ᠳᠤᠮᠳᠠᠳᠤ ᠤᠯᠤᠰ᠎ᠤᠨ ᠬᠦᠢ᠍ᠲᠡᠨ ᠲᠤᠶ᠋ᠢᠯ》᠂ 《ᠤᠯᠭᠤᠶᠠ》 ᠵᠤᠭ᠋ᠠᠴᠠᠯ᠎ᠤᠨ ᠲᠥᠷᠥᠯ ᠲᠡᠮᠳᠡᠭ᠎ᠢ ᠪᠤᠵᠠᠭ᠋ᠠᠶ᠋ᠢᠷᠠᠭᠤᠯᠤᠨ ᠬᠦᠴᠤᠷᠬᠡᠭᠵᠢᠭᠦᠯᠵᠡᠢ᠃ ᠦᠵᠡᠮᠵᠢᠲᠦ ᠣᠷᠣᠨ ᠪᠠ ᠭᠡᠷ ᠪᠦᠯᠢ ᠵᠢᠨ ᠵᠤᠭ᠋ᠠᠴᠠᠯ᠎ᠤᠨ ᠠᠷᠪᠠᠨ ᠨᠢᠭᠡᠨ ᠡᠷᠦᠬᠡ ᠵᠢ ᠳᠡᠰ ᠳᠡᠪᠰᠢᠭᠦᠯᠵᠦ᠂ ᠮᠠᠨᠬᠦ᠋ᠢ ᠪᠠᠯᠭ᠋ᠠᠰᠤ ᠵᠢᠨ 52 ᠶᠡᠬᠡ ᠳᠠᠪᠠᠭ᠋ᠠᠨ᠎ᠤ ᠵᠢᠭᠤᠯᠴᠢᠯᠠᠯ᠎ᠤᠨ ᠥᠷᠲᠡᠭᠡ ᠵᠢᠨ ᠪᠦᠲᠦᠭᠡᠨ ᠪᠠᠶ᠋ᠢᠭᠤᠯᠤᠯᠲᠠ ᠵᠢ ᠪᠡᠶᠡᠯᠡᠬᠦᠯᠵᠦ᠂ ᠵᠢᠨ ᠾᠧ ᠴᠠᠰᠤᠲᠤ ᠠᠭᠤᠯᠠᠨ ᠲᠣᠰᠬᠣᠨ᠂ ᠬᠦᠢ᠍ᠳᠡᠨ ᠲᠤᠢ᠌ᠯ᠎ᠤᠨ ᠲᠣᠰᠬᠣᠨ᠎ᠤ ᠭᠡᠷ ᠲᠡᠷᠭᠡ ᠪᠠᠭᠤᠳᠠᠯᠯᠠᠬᠤ ᠭᠠᠵᠠᠷ ᠵᠡᠷᠭᠡ 6 ᠬᠦᠯᠢᠶᠡᠨ ᠠᠪᠬᠤ ᠡᠷᠦᠬᠡ ᠥᠪᠡᠷᠲᠡᠭᠡᠨ ᠵᠠᠰᠠᠬᠤ ᠣᠷᠣᠨ᠎ᠤ ᠣᠳᠣᠨ ᠲᠡᠰ᠎ᠤᠨ ᠬᠥᠳᠡᠭᠡ ᠲᠣᠰᠬᠣᠨ᠎ᠤ ᠵᠢᠭᠤᠯᠴᠢᠯᠠᠯ᠎ᠤᠨ ᠬᠦᠯᠢᠶᠡᠨ ᠠᠪᠬᠤ ᠡᠷᠦᠬᠡ᠎ᠪᠠᠷ ᠦᠨᠡᠯᠡᠭᠳᠡᠪᠡ᠃ ᠡᠪᠦᠯ᠎ᠤᠨ ᠤᠯᠠᠷᠢᠯ᠎ᠤᠨ ᠵᠤᠭ᠋ᠠᠴᠠᠯ ᠦᠷᠭᠦᠯᠵᠢᠯᠡᠨ ᠰᠠᠶ᠋ᠢᠵᠢᠷᠠᠵᠤ᠂ 2019 ᠣᠨ᠎ᠤ ᠳᠤᠮᠳᠠᠳᠤ ᠤᠯᠤᠰ᠎ᠤᠨ ᠬᠦᠢ᠍ᠳᠡᠨ ᠲᠤᠶ᠋ᠢᠯ᠎ᠤᠨ ᠮᠠᠷᠠᠰᠤᠨ ᠵᠢᠴᠢ ᠭᠡᠭᠡᠨ ᠭᠣᠣᠯ᠎ᠤᠨ ᠬᠦᠢ᠍ᠳᠡᠨ ᠲᠤᠶ᠋ᠢᠯ᠎ᠤᠨ ᠮᠥᠰᠥ ᠴᠠᠰᠤᠨ᠎ᠤ ᠤᠯᠠᠷᠢᠯ ᠵᠡᠷᠭᠡ ᠡᠪᠦᠯ᠎ᠤᠨ ᠤᠯᠠᠷᠢᠯ᠎ᠤᠨ ᠵᠤᠭ᠋ᠠᠴᠠᠯ᠎ᠤᠨ ᠠᠵᠢᠯᠯᠠᠭ᠎ᠠ ᠮᠠᠰᠢ ᠰᠠᠢ᠍ᠢ᠍ᠨ ᠪᠣᠯᠪᠠ᠃ ᠪᠥᠬᠥ ᠵᠢᠯ᠎ᠤᠨ ᠵᠢᠭᠤᠯᠴᠢᠯᠠᠯ᠎ᠤᠨ ᠬᠥᠮᠦᠨ᠎ᠤ ᠲᠣᠭ᠎ᠠ 135 ᠲᠦᠮᠡᠨ ᠬᠥᠮᠦᠨ ᠤᠳᠠᠭ᠎ᠠ᠎ᠳᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 13% ᠨᠡᠮᠡᠭᠳᠡᠪᠡ; ᠵᠢᠭᠤᠯᠴᠢᠯᠠᠯ᠎ᠤᠨ ᠣᠷᠣᠯᠭ᠎ᠠ 16.39 ᠳ᠋ᠦᠩᠰᠢᠭᠤᠷ ᠲᠥᠭᠥᠷᠢᠭ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 5.9% ᠨᠡᠮᠡᠭᠳᠡᠪᠡ᠃
ᠰᠢᠨ᠎ᠡ᠎ᠪᠠᠷ ᠬᠥᠭᠵᠢᠭᠰᠡᠨ ᠠᠵᠤ ᠤᠢ᠌ᠯᠡᠰ᠎ᠢ ᠪᠣᠶ᠋ᠢᠵᠢᠭᠤᠯᠤᠨ ᠬᠦᠭᠵᠢᠬᠦᠯᠵᠡᠢ᠃ ᠡᠯᠧᠺᠲᠷᠣᠨ ᠬᠤᠳᠠᠯᠳᠤᠭ᠋ᠠᠨ᠎ᠤ ᠶᠠᠪᠤᠳᠠᠯ᠎ᠢ ᠰᠢᠶᠠᠩ ᠪᠠᠯᠭ᠋ᠠᠰᠤ᠂ ᠨᠡᠶ᠋ᠢᠭᠡᠮ ᠲᠣᠭᠣᠷᠢᠭ᠎ᠲᠤ ᠣᠷᠣᠭᠤᠯᠬᠤ ᠵᠢ ᠠᠬᠢᠭᠤᠯᠵᠤ᠂ ᠳᠤᠮᠳᠠᠳᠤ ᠤᠯᠤᠰ᠎ᠤᠨ ᠬᠦᠢ᠍ᠳᠡᠨ ᠲᠤᠶ᠋ᠢᠯ · ᠬᠡᠭᠡᠷ᠎ᠡ ᠵᠢᠨ ᠬᠥᠬᠡ ᠵᠢᠮᠢᠰ᠎ᠢ ᠡᠳ᠋ᠰᠢᠭᠦᠯᠵᠦ ᠪᠡᠶᠡᠴᠢᠯᠡᠨ ᠣᠶ᠋ᠢᠯᠠᠭ᠋ᠠᠬᠤ ᠭᠠᠵᠠᠷ᠂ 《ᠬᠠᠩᠭ᠋ᠠᠨ ᠪᠣᠷᠣᠯᠠᠭᠤᠯᠬᠤ e ᠦᠷᠳᠡᠭᠡ》 ᠬᠥᠳᠡᠭᠡ ᠲᠣᠰᠬᠣᠨ᠎ᠤ ᠭᠤᠷᠪᠠᠳᠤᠭ᠋ᠠᠷ ᠳᠡᠯᠭᠡᠴᠡᠲᠦ ᠬᠥᠳᠡᠭᠡ ᠲᠣᠰᠬᠣᠨ᠎ᠤ ᠶᠡᠷᠦᠩᠬᠡᠶ᠋ᠢᠯᠡᠭᠰᠡᠨ ᠤᠢ᠌ᠯᠡᠴᠢᠯᠡᠭᠡᠨ᠎ᠤ ᠲᠠᠪᠴᠠᠩ᠎ᠢ ᠪᠠᠢ᠌ᠭᠤᠯᠵᠠᠢ᠃ ᠠᠭ᠋ᠠᠷ᠎ᠤᠨ ᠡᠬᠢ ᠵᠢᠨ ᠢᠯᠴᠢ ᠵᠢᠨ ᠬᠥᠭᠡᠷᠭᠡ ᠦᠢ᠍ᠯᠡᠳᠪᠦᠷᠢᠯᠡᠬᠦ ᠠᠵᠤ ᠠᠬᠤᠶ᠋ᠢᠯᠠᠯ᠎ᠢ ᠣᠷᠣᠭᠤᠯᠤᠨ ᠠᠪᠴᠢᠷᠠᠵᠤ ᠲᠦᠬᠦᠭᠡᠷᠤᠮᠵᠢ ᠵᠢᠨ ᠥᠨᠳᠥᠷ ᠬᠦᠢ᠍ᠲᠡᠨ᠎ᠤ ᠬᠡᠮᠵᠢᠯᠲᠡ ᠬᠢᠵᠦ᠂ ᠪᠡᠭᠡᠵᠢᠩ᠎ᠤᠨ ᠲᠢᠶᠠᠨ ᠯᠢᠶᠠᠨ ᠺᠣᠮᠫᠠᠨᠢ ᠵᠢᠨ ᠣᠭᠲᠠᠷᠭᠤᠢ ᠵᠢᠨ ᠠᠯᠤᠰ ᠡᠵᠡᠮᠰᠢᠯᠲᠦ ᠳᠡᠯᠡᠬᠡᠢ ᠵᠢᠨ ᠪᠥᠮᠪᠥᠷᠴᠡᠭ᠎ᠤᠨ ᠥᠷᠲᠡᠭᠡᠨ᠎ᠤ ᠲᠥᠷᠥᠯ ᠵᠦᠢ᠍ᠯ᠎ᠢ ᠪᠦᠲᠦᠭᠡᠨ ᠪᠠᠶ᠋ᠢᠭᠤᠯᠬᠤ ᠵᠢ ᠯᠠᠪᠳᠠᠭᠤᠨ ᠪᠠᠲᠤᠲᠠᠢ ᠠᠬᠢᠭᠤᠯᠵᠤ᠂ ᠮᠥᠰᠥ ᠴᠠᠰᠤᠨ᠎ᠤ ᠠᠵᠤ ᠦᠢ᠍ᠯᠡᠰ᠂ ᠰᠠᠨᠰᠠᠷ᠎ᠤᠨ ᠰᠢᠨᠵᠢᠯᠡᠬᠦ ᠤᠬᠠᠭ᠋ᠠᠨ᠎ᠢ ᠲᠦᠭᠡᠮᠡᠯᠵᠢᠭᠦᠯᠬᠦ ᠠᠵᠤ ᠦᠢ᠍ᠯᠡᠰ᠎ᠢ ᠪᠠᠶ᠋ᠢᠭᠤᠯᠤᠨ᠎ᠠ᠃
(ᠲᠠᠪᠤ) ᠬᠣᠲᠠ ᠪᠠᠯᠭ᠋ᠠᠰᠤ ᠵᠢᠨ ᠪᠥᠲᠥᠭᠡᠨ ᠪᠠᠶ᠋ᠢᠭᠤᠯᠤᠯᠲᠠ ᠵᠢᠨ ᠠᠯᠬᠤᠴᠠ ᠲᠦᠷᠭᠡᠳᠪᠡ᠃ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠪᠠᠶ᠋ᠢᠯᠳᠤᠬᠤ ᠪᠣᠳᠣᠯᠭ᠎ᠠ ᠵᠢ ᠬᠡᠷᠡᠭᠵᠢᠭᠦᠯᠬᠦ᠎ᠪᠠᠷ ᠵᠢᠯᠣᠭᠣᠳᠤᠮᠵᠢ ᠪᠣᠯᠭ᠋ᠠᠵᠤ᠂ ᠠᠰᠠᠭᠤᠳᠠᠯ᠎ᠳᠤ ᠰᠢᠭᠤᠳ ᠬᠠᠨᠳᠤᠵᠤ᠂ ᠪᠦᠲᠦᠭᠡᠨ ᠪᠠᠶ᠋ᠢᠭᠤᠯᠬᠤ ᠪᠠ ᠬᠠᠮᠢᠶᠠᠷᠬᠤ ᠵᠢ ᠵᠡᠷᠭᠡ᠎ᠪᠡᠷ ᠴᠢᠬᠤᠯᠠᠴᠢᠯᠠᠵᠤ᠂ ᠰᠠᠭᠤᠷᠢ ᠲᠥᠬᠥᠭᠡᠷᠦᠮᠵᠢ ᠵᠢᠨ ᠲᠤᠳᠠᠭᠳᠠᠯ᠎ᠢ ᠨᠥᠬᠥᠪᠥᠷᠢᠯᠡᠵᠦ᠂ ᠬᠣᠲᠠ ᠪᠠᠯᠭ᠋ᠠᠰᠤᠨ᠎ᠤ ᠣᠷᠴᠢᠨ ᠲᠣᠭᠣᠷᠢᠨ ᠢ ᠶᠡᠷᠦᠩᠬᠡᠶ᠋ᠢᠯᠡᠨ ᠵᠠᠰᠠᠵᠤ᠂ ᠬᠣᠲᠠ ᠪᠠᠯᠭ᠋ᠠᠰᠤᠨ᠎ᠤ ᠠᠭᠤᠯᠤᠭᠳᠠᠬᠤᠨ᠎ᠤ ᠶᠠᠰᠤ ᠴᠢᠨᠠᠷ᠎ᠢ ᠪᠦᠬᠦ ᠲᠠᠯ᠎ᠠ᠎ᠪᠠᠷ ᠳᠡᠭᠡᠭᠰᠢᠯᠡᠭᠦᠯᠪᠡ᠃
ᠬᠣᠲᠠ ᠪᠠᠯᠭ᠋ᠠᠰᠤᠨ᠎ᠤ ᠪᠦᠲᠦᠭᠡᠨ ᠪᠠᠶ᠋ᠢᠭᠤᠯᠤᠯᠲᠠ ᠢᠯᠡᠳᠲᠡ ᠦᠷ᠎ᠡ ᠪᠦᠲᠦᠮᠵᠢ ᠣᠯᠪᠠ᠃ 1.12 ᠳ᠋ᠦᠩᠰᠢᠭᠤᠷ ᠲᠥᠭᠥᠷᠢᠭ᠎ᠤᠨ ᠪᠡᠯᠡ ᠣᠷᠣᠭᠤᠯᠤᠭᠰᠠᠨ ᠲᠥᠪ ᠵᠠᠮ᠂ ᠬᠢᠩᠭ᠋ᠠᠨ ᠵᠠᠮ᠂ ᠯᠢᠨ ᠬᠠᠢ ᠵᠡᠭᠡᠯᠢ ᠵᠡᠷᠭᠡ 10 ᠵᠤᠷᠪᠤᠰ ᠬᠣᠲᠠ ᠵᠢᠨ ᠲᠣᠭᠣᠷᠢᠭ᠎ᠤᠨ ᠵᠠᠮ᠎ᠢ ᠳᠡᠰ ᠳᠡᠪᠰᠢᠭᠦᠯᠦᠨ ᠥᠭᠡᠷᠡᠴᠢᠯᠡᠬᠦ ᠢᠨᠵᠧᠨᠧᠷᠢᠩ᠎ᠢ ᠪᠡᠶᠡᠯᠡᠬᠦᠯᠵᠦ᠂ ᠵᠠᠰᠠᠮᠠᠯ ᠵᠠᠮ᠎ᠤᠨ ᠪᠥᠬᠥ ᠣᠷᠳᠣᠨ᠎ᠢ 15.5 ᠺᠢᠯᠣᠮᠧᠲᠷ ᠪᠣᠯᠤᠨ᠎ᠠ᠃ 520 ᠲᠦᠮᠡᠨ ᠲᠥᠭᠥᠷᠢᠭ᠎ᠤᠨ ᠪᠠᠯᠠ ᠣᠷᠣᠭᠤᠯᠵᠤ ᠭᠡᠭᠡᠨ ᠭᠣᠤᠯ ᠬᠣᠲᠠ ᠵᠢᠨ ᠨᠡᠶ᠋ᠢᠭᠡᠮ ᠵᠢᠷᠤᠮ᠎ᠤᠨ ᠭᠣᠤᠯᠯᠠᠬᠤ ᠦᠷᠳᠡᠭ᠎ᠤᠨ ᠦᠵᠡᠯᠲᠡ ᠵᠢᠨ ᠭᠣᠤᠯ ᠰᠡᠳᠦᠪᠲᠦ ᠠᠭᠤᠳᠠᠮ ᠲᠠᠯᠠᠪᠠᠢ ᠵᠢ ᠪᠠᠢ᠌ᠭᠤᠯᠵᠠᠢ᠃ ᠲᠡᠮᠦᠷ ᠵᠠᠮ᠎ᠤᠨ ᠰᠢᠰᠲ᠋ᠧᠮ᠎ᠤᠨ 《ᠬᠣᠶᠠᠷ ᠬᠠᠩᠭ᠋ᠠᠯᠭ᠎ᠠ ᠨᠢᠭᠡ ᠠᠵᠢᠯ ᠤᠢ᠌ᠯᠡᠰ》᠎ᠤᠨ ᠡᠭᠦᠷᠭᠡ ᠴᠢᠳᠠᠪᠤᠷᠢ ᠵᠢ ᠪᠥᠬᠥ ᠲᠠᠯ᠎ᠠ᠎ᠪᠠᠷ ᠭᠥᠯᠢᠶᠡᠨ ᠠᠪᠴᠤ᠂ 4408 ᠲᠦᠮᠡᠨ ᠲᠥᠭᠥᠷᠢᠭ᠎ᠤᠨ ᠪᠠᠯᠠ ᠣᠷᠣᠭᠤᠯᠤᠨ ᠲᠡᠮᠦᠷ ᠵᠠᠮ᠎ᠤᠨ ᠠᠵᠢᠯᠴᠢᠨ᠎ᠤ ᠬᠡᠷ ᠪᠦᠯᠢ ᠵᠢᠨ ᠬᠠᠷᠢᠶᠠᠲᠤ ᠣᠷᠣᠨ᠎ᠳᠤ ᠰᠡᠯᠪᠢᠨ ᠵᠠᠰᠠᠪᠠ᠃ 8560 ᠲᠦᠮᠡᠨ ᠲᠥᠭᠥᠷᠢᠭ᠎ᠤᠨ ᠪᠡᠯᠡ ᠣᠷᠣᠭᠤᠯᠤᠭᠰᠠᠨ ᠭᠣᠤᠯ ᠬᠣᠲᠠ ᠵᠢᠨ ᠲᠣᠭᠣᠷᠢᠭ ᠵᠢᠴᠢ ᠤᠯᠭᠤᠶᠠ ᠦᠨᠳᠤᠰᠤᠳᠠᠨ᠎ᠤ ᠰᠢᠶᠠᠩ᠎ᠤᠨ ᠳ᠋ᠠᠢ ᠮᠦ᠍ ᠡᠨᠧᠷᠭᠢ ᠵᠢᠨ ᠲᠥᠪᠯᠡᠷᠡᠭᠦᠯᠦᠨ ᠢᠯᠴᠢ ᠬᠠᠩᠭ᠋ᠠᠬᠤ ᠢᠨᠵᠧᠨᠧᠷᠢᠩ᠎ᠢ ᠲᠤᠷᠰᠢᠨ ᠠᠵᠢᠯᠯᠠᠭᠤᠯᠵᠠᠶ᠃ ᠶᠡᠷᠦᠩᠬᠡᠶ ᠪᠡᠯᠡ ᠣᠷᠣᠭᠤᠯᠤᠯᠲᠠ᠎ᠨᠢ 3300 ᠲᠦᠮᠡᠨ ᠲᠥᠭᠥᠷᠢᠭ᠎ᠤᠨ ᠠᠯᠦ᠋ᠩᠱ᠌ᠠᠨ ᠪᠠᠯᠭ᠋ᠠᠰᠤᠨ᠎ᠤ ᠳ᠋ᠠᠶ ᠮᠦ᠍ ᠡᠨᠧᠷᠭᠢ ᠵᠢᠨ ᠲᠥᠪᠯᠡᠷᠡᠭᠦᠯᠦᠨ ᠢᠯᠴᠢ ᠬᠠᠩᠭ᠋ᠠᠬᠤ ᠢᠨᠵᠧᠨᠧᠷᠢᠩ ᠠᠰᠢᠭᠯᠠᠯᠲᠠ᠎ᠳᠤ ᠣᠷᠣᠵᠤ᠂ ᠨᠡᠶ᠋ᠢᠲᠡ 1800 ᠲᠦᠮᠡᠨ ᠲᠥᠭᠥᠷᠢᠭ᠎ᠤᠨ ᠪᠡᠯᠡ ᠣᠷᠣᠭᠤᠯᠤᠭᠰᠠᠨ ᠰᠢᠶᠠᠩ ᠪᠠᠯᠭ᠋ᠠᠰᠤᠨ᠎ᠤ ᠢᠯᠴᠢ ᠬᠠᠩᠭ᠋ᠠᠬᠤ ᠬᠣᠭᠣᠯᠠᠢ ᠵᠢᠨ ᠲᠣᠣᠷ᠂ ᠭᠦᠸᠧᠯᠦ ᠵᠢ ᠰᠡᠯᠪᠢᠨ ᠵᠠᠰᠠᠵᠤ ᠥᠭᠡᠷᠡᠴᠢᠯᠡᠬᠦ ᠢᠨᠵᠧᠨᠧᠷᠢᠩ ᠤᠷᠤᠭᠰᠢᠲᠠᠶ ᠶᠠᠪᠤᠭᠳᠠᠵᠤ᠂ ᠬᠣᠲᠠ ᠪᠠᠯᠭ᠋ᠠᠰᠤᠨ᠎ᠤ ᠢᠯᠴᠢ ᠬᠠᠩᠭ᠋ᠠᠬᠤ ᠠᠮᠤᠷ ᠲᠦᠪᠰᠢᠨ᠎ᠢ ᠬᠦᠴᠦᠲᠡᠢ ᠪᠠᠲᠤᠯᠠᠪᠠ᠃
ᠬᠤᠳᠠ ᠵᠢᠨ ᠬᠠᠮᠢᠶᠠᠷᠤᠯᠲᠠ ᠪᠦᠬᠦ ᠲᠠᠯ᠎ᠠ᠎ᠪᠠᠷ ᠴᠢᠩᠭ᠋ᠠᠷᠠᠪᠠ᠃ ᠬᠣᠲᠠ ᠵᠢᠨ ᠲᠤᠳᠤᠷᠬᠠᠢ᠌ᠯᠠᠯᠲᠠ ᠵᠢᠨ ᠳᠡᠮᠳᠡᠭ᠎ᠤᠨ ᠰᠢᠰᠲ᠋ᠧᠮ᠎ᠢ ᠲᠡᠭᠦᠯᠳᠡᠷᠵᠢᠭᠦᠯᠵᠦ᠂ 235 ᠬᠡᠰᠡᠭ ᠵᠠᠮ᠎ᠤᠨ ᠲᠡᠮᠳᠡᠭ ᠫᠠᠶ᠋ᠢᠰᠠ ᠵᠢ ᠰᠣᠯᠢᠵᠤ᠂ 6 ᠤᠯᠠᠭ᠋ᠠᠨ ᠨᠣᠭᠣᠭ᠋ᠠᠨ ᠳ᠋ᠧᠩ᠎ᠢ ᠰᠢᠨ᠎ᠡ᠎ᠪᠠᠷ ᠪᠠᠶ᠋ᠢᠭᠤᠯᠵᠤ᠂ 1300 ᠲᠡᠷᠭᠡ ᠵᠣᠭᠰᠣᠬᠤ ᠪᠠᠶ᠋ᠢᠷᠢ ᠲᠣᠭᠲᠠᠭ᠋ᠠᠵᠤ᠂ ᠬᠤᠲᠡ ᠵᠢᠨ ᠠᠷᠠᠳ᠎ᠤᠨ ᠶᠠᠪᠤᠵᠤ ᠰᠠᠭᠤᠬᠤ ᠣᠷᠴᠢᠨ ᠲᠣᠭᠣᠷᠢᠨ᠎ᠢ ᠪᠦᠲᠦᠮᠵᠢᠲᠡᠶ ᠰᠠᠶ᠋ᠢᠵᠢᠷᠠᠭᠤᠯᠪᠠ᠃ ᠬᠣᠲᠠ ᠵᠢᠨ ᠠᠷᠢᠭᠤᠨ ᠴᠡᠪᠡᠷ᠎ᠢ ᠬᠠᠮᠠᠭ᠋ᠠᠯᠠᠬᠤ ᠡᠷᠴᠢᠮ᠎ᠢ ᠴᠢᠩᠭ᠋ᠠᠷᠠᠭᠤᠯᠵᠤ᠂ ᠬᠣᠲᠠ ᠵᠢᠨ ᠬᠠᠮᠢᠶᠠᠷᠤᠯᠲᠠ ᠵᠢᠨ 《ᠡᠷᠦᠢ ᠬᠤᠷᠤᠢ ᠦᠭᠡᠢ ᠪᠠᠶ᠋ᠢᠬᠤ》 ᠵᠢ ᠵᠠᠰᠠᠵᠤ᠂ ᠰᠠᠭᠤᠭ᠋ᠠᠯᠢ ᠠᠷᠠᠳ᠎ᠤᠨ ᠠᠮᠢᠳᠤᠷᠠᠯ᠎ᠤᠨ ᠣᠷᠴᠢᠨ ᠲᠣᠭᠣᠷᠢᠨ᠎ᠢ ᠢᠯᠡᠳᠲᠡ ᠰᠠᠶ᠋ᠢᠵᠢᠷᠠᠭᠤᠯᠪᠠ᠃ 359 ᠲᠦᠮᠡᠨ ᠲᠥᠭᠥᠷᠢᠭ᠎ᠤᠨ ᠪᠡᠯᠡ ᠣᠷᠣᠭᠤᠯᠵᠤ ᠴᠤᠭᠯᠠᠭ᠎ᠠ ᠮᠠᠶ᠋ᠢᠮᠠᠶ ᠵᠢᠨ ᠵᠠᠬ᠎ᠠ ᠳᠡᠯᠭᠡᠭᠦᠷ᠎ᠢ ᠰᠢᠨ᠎ᠡ᠎ᠪᠠᠷ ᠪᠠᠢ᠌ᠭᠤᠯᠵᠤ᠂ ᠠᠯᠦ᠋ᠩᠱ᠌ᠠᠨ ᠪᠠᠯᠭ᠋ᠠᠰᠤ ᠵᠢᠨ ᠬᠣᠶ᠋ᠢᠲᠤ ᠵᠡᠭᠡᠯᠢ ᠵᠢᠨ ᠵᠠᠰᠠᠮᠠᠯ ᠵᠠᠮ᠎ᠤᠨ ᠵᠠᠬ᠎ᠠ ᠳᠡᠯᠭᠡᠭᠦᠷ᠎ᠤᠨ ᠠᠰᠠᠭᠤᠳᠠᠯ᠎ᠢ ᠲᠤᠰᠬᠠᠢ ᠴᠡᠭᠴᠡᠯᠡᠨ ᠵᠠᠰᠠᠬᠤ ᠠᠵᠢᠯ᠎ᠢ ᠥᠷᠨᠢᠭᠦᠯᠵᠦ᠂ ᠣᠯᠠᠨ ᠨᠡᠶ᠋ᠢᠲᠡ ᠵᠢᠨ ᠠᠮᠤᠷ ᠲᠦᠪᠰᠢᠨ᠎ᠤ ᠳᠠᠯᠳᠠ ᠭᠡᠮ᠎ᠢ ᠠᠷᠢᠯᠭ᠋ᠠᠪᠠ᠃
ᠵᠠᠮ ᠬᠠᠷᠢᠯᠴᠠᠭ᠋ᠠᠨ᠎ᠤ ᠰᠢᠰᠲ᠋ᠧᠮ ᠰᠢᠯᠢᠳᠡᠭᠵᠢᠪᠡ᠃ 6.5 ᠳ᠋ᠦᠩᠰᠢᠭᠤᠷ ᠲᠥᠭᠥᠷᠢᠭ᠎ᠤᠨ ᠪᠡᠯᠡ ᠣᠷᠣᠭᠤᠯᠵᠤ᠂ ᠳ᠋ᠸᠯᠪᠤᠷᠠᠴᠠ ᠱᠠᠩ ᠬᠦ᠋ ᠯᠢᠨ ᠬᠦᠷᠬᠦ᠂ ᠭᠡᠭᠡᠨ ᠭᠣᠣᠯ᠎ᠠᠴᠠ ᠪᠠᠢ ᠯᠦ᠍ ᠳ᠋ᠤᠤ ᠬᠦᠷᠬᠦ᠂ ᠨᠢᠦ ᠡᠯ ᠾᠧ ᠣᠢ ᠰᠢᠭᠤᠢ ᠵᠢᠨ ᠲᠠᠯᠠᠪᠠᠢ᠎ᠠᠴᠠ ᠬᠠᠨ ᠮᠠ ᠬᠦᠷᠬᠦ᠂ ᠮᠠᠨᠬᠦ᠋ᠢ ᠾᠧ ᠰᠢ ᠣᠢ ᠰᠢᠭᠤᠢ ᠵᠢᠨ ᠲᠠᠯᠠᠪᠠᠢ᠎ᠠᠴᠠ ᠹᠦ᠋ ᠺᠧ ᠱᠠᠨ ᠬᠦᠷᠬᠦ ᠳᠥᠷᠪᠡᠨ ᠭᠤᠷᠪᠠᠳᠤᠭ᠋ᠠᠷ ᠳᠡᠰ᠎ᠤᠨ ᠵᠠᠰᠠᠮᠠᠯ ᠵᠠᠮ᠎ᠢ ᠪᠦᠲᠦᠭᠡᠨ ᠪᠠᠢ᠌ᠭᠤᠯᠵᠠᠢ᠃ ᠭᠡᠭᠡᠨ ᠭᠣᠣᠯ᠎ᠤᠨ ᠣᠯᠭᠣᠶᠠ ᠨᠡᠶ᠋ᠢᠳᠡᠮ ᠬᠡᠷᠡᠭᠯᠡᠭᠡᠨ᠎ᠤ ᠨᠢᠰᠬᠡᠯ᠎ᠤᠨ ᠪᠠᠭᠤᠳᠠᠯ᠎ᠤᠨ ᠳᠡᠰ ᠳᠡᠪᠰᠢᠭᠦᠯᠬᠦ ᠢᠨᠵᠧᠨᠧᠷᠢᠩ᠎ᠢ ᠬᠡᠷᠡᠭᠵᠢᠭᠦᠯᠵᠡᠢ᠃ 432 ᠲᠦᠮᠡᠨ ᠲᠥᠭᠥᠷᠢᠭ᠎ᠤᠨ ᠪᠡᠯᠡ ᠣᠷᠣᠭᠤᠯᠵᠤ ᠭᠡᠭᠡᠨ ᠭᠣᠤᠯ᠎ᠤᠨ ᠭᠠᠯᠲᠤ ᠲᠡᠷᠭᠡᠨ ᠥᠷᠲᠡᠭᠡ ᠵᠢᠴᠢ ᠥᠷᠲᠡᠭᠡᠨ᠎ᠤ ᠡᠮᠦᠨᠡᠬᠢ ᠠᠭᠤᠳᠠᠮ ᠲᠠᠯᠠᠪᠠᠶ᠎ᠳᠤ ᠥᠭᠡᠷᠡᠴᠢᠯᠡᠯᠲᠡ ᠬᠢᠵᠡᠶ᠃ ᠭᠡᠭᠡᠨ ᠭᠣᠣᠯ᠎ᠠᠴᠠ ᠬᠠᠷᠪᠢᠨ᠎ᠳᠤ ᠰᠢᠭᠤᠳ ᠨᠡᠪᠲᠡᠷᠡᠬᠦ ᠠᠶᠠᠨᠴᠢᠳ᠎ᠤᠨ ᠭᠠᠯᠲᠤ ᠲᠡᠷᠭᠡ ᠵᠢ ᠨᠡᠪᠲᠡᠷᠡᠭᠦᠯᠵᠦ᠂ ᠵᠠᠮ ᠲᠡᠭᠡᠭᠡᠪᠦᠷᠢ ᠵᠢᠨ ᠰᠢᠰᠲ᠋ᠧᠮ ᠨᠡᠩ ᠲᠡᠭᠦᠯᠳᠡᠷᠵᠢᠪᠡ᠃