ᠵᠠᠰᠠᠭ᠎ᠤᠨ ᠣᠷᠳᠣᠨ᠎ᠤ ᠠᠵᠢᠯ᠎ᠤᠨ ᠢᠯᠡᠳᠬᠡᠯ (1)
ᠨᠡᠶ᠋ᠢᠲᠡᠯᠡᠭᠰᠡᠨ ᠴᠠᠭ᠄ 2021-09-27

 
    — 2021 ᠣᠨ᠎ᠤ 3 ᠰᠠᠷ᠎ᠠ ᠵᠢᠨ 9᠎ᠤ ᠡᠳᠦᠷ ᠭᠡᠭᠡᠨ ᠭᠣᠣᠯ ᠬᠤᠳᠠ ᠵᠢᠨ ᠲᠠᠪᠤᠳᠤᠭ᠋ᠠᠷ ᠬᠤᠭᠤᠴᠠᠭ᠋ᠠᠨ᠎ᠤ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ
    ᠲᠠᠪᠤᠳᠤᠭ᠋ᠠᠷ ᠤᠳᠠᠭ᠋ᠠᠨ᠎ᠤ ᠬᠤᠷᠠᠯᠳᠤᠭ᠋ᠠᠨ ᠳᠡᠭᠡᠷ᠎ᠡ
    ᠭᠡᠭᠡᠨ ᠭᠣᠣᠯ ᠬᠤᠲᠠ ᠵᠢᠨ ᠠᠷᠠᠳ᠎ᠤᠨ ᠵᠠᠰᠠᠭ᠎ᠤᠨ ᠣᠷᠳᠣᠨ᠎ᠤ ᠳᠠᠷᠤᠭ᠎ᠠ ᠸᠠᠩ ᠴᠧᠩ ᠱ᠌ᠢ
    ᠲᠥᠯᠥᠭᠡᠯᠡᠭᠴᠢᠳ ᠡ᠄
    ᠤᠳᠤ ᠪᠢ ᠬᠤᠳᠠ ᠵᠢᠨ ᠠᠷᠠᠳ᠎ᠤᠨ ᠵᠠᠰᠠᠭ᠎ᠤᠨ ᠣᠷᠳᠣᠨ᠎ᠤ ᠡᠮᠦᠨ᠎ᠡ᠎ᠠᠴᠠ ᠶᠡᠬᠡ ᠬᠤᠷᠠᠯ᠎ᠳᠤ ᠠᠵᠢᠯ ᠵᠶ᠋ᠠᠨ ᠮᠡᠳᠡᠭᠦᠯᠦᠶ᠎ᠡ᠂ ᠬᠢᠨᠠᠨ ᠶᠠᠷᠢᠯᠴᠠᠬᠤ ᠪᠣᠯᠪᠠᠤ᠂ ᠬᠤᠳᠠ ᠵᠢᠨ ᠤᠯᠤᠰ ᠲᠦᠷᠦ ᠵᠢᠨ ᠵᠥᠪᠯᠡᠯᠭᠡᠨ᠎ᠤ ᠭᠡᠰᠢᠭᠦᠳ ᠪᠠ ᠬᠤᠷᠠᠯ᠎ᠳᠤ ᠰᠤᠯᠠ ᠣᠷᠣᠯᠴᠠᠭᠰᠠᠨ ᠨᠥᠬᠥᠳ ᠴᠦ᠍ ᠰᠠᠨᠠᠯ ᠵᠶ᠋ᠠᠨ ᠳᠤᠷᠠᠳᠬᠤ ᠪᠣᠯᠪᠠᠤ᠃
    ᠨᠢᠭᠡ᠂ 2020 ᠣᠨ ᠵᠢᠴᠢ ᠠᠷᠪᠠᠨ ᠭᠤᠷᠪᠠᠳᠤᠭ᠋ᠠᠷ ᠲᠠᠪᠤᠨ ᠵᠢᠯ᠎ᠤᠨ ᠲᠥᠯᠥᠪᠵᠢᠭᠦᠯᠭᠡ ᠵᠢᠨ ᠬᠤᠭᠤᠴᠠᠭ᠋ᠠᠨ᠎ᠤ ᠠᠵᠢᠯ᠎ᠤᠨ ᠡᠷᠭᠢᠴᠡᠭᠦᠯᠦᠯ
   2020 ᠣᠨ ᠪᠣᠯ 《ᠠᠷᠪᠠᠨ ᠭᠤᠷᠪᠠᠳᠤᠭ᠋ᠠᠷ ᠲᠠᠪᠤᠨ ᠵᠢᠯ》᠎ᠤᠨ ᠲᠥᠯᠥᠪᠵᠢᠭᠦᠯᠭᠡ ᠵᠢᠨ ᠲᠡᠭᠦᠰᠬᠡᠯ᠎ᠤᠨ ᠵᠢᠯ ᠪᠣᠯᠤᠨ᠎ᠠ᠂ ᠮᠥᠨᠴᠦ ᠮᠠᠨ᠎ᠤ ᠬᠤᠲᠠ ᠵᠢᠨ ᠬᠥᠭᠵᠢᠯᠲᠡ ᠵᠢᠨ ᠶᠠᠪᠤᠴᠠ᠎ᠳᠠᠬᠢ ᠲᠤᠶ᠋ᠢᠯ᠎ᠤᠨ ᠶᠡᠷᠦ ᠪᠤᠰᠤ ᠵᠢᠨ ᠨᠢᠭᠡ ᠵᠢᠯ ᠪᠣᠯᠤᠨ᠎ᠠ᠃ ᠨᠢᠭᠡ ᠵᠢᠯ᠎ᠤᠨ ᠲᠤᠷᠰᠢ᠂ ᠪᠢᠳᠡ ᠬᠣᠲᠠ ᠵᠢᠨ ᠨᠠᠮ᠎ᠤᠨ ᠬᠣᠷᠢᠶᠠᠨ᠎ᠤ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠣᠭᠣᠳᠣᠯᠭ᠎ᠠ ᠪᠣᠯᠭ᠋ᠠᠬᠤ ᠵᠢ ᠨᠠᠮ᠎ᠤᠨ ᠠᠷᠪᠠ ᠶᠢᠰᠦᠳᠦᠭᠡᠷ ᠶᠡᠬᠡ ᠬᠤᠷᠠᠯ ᠪᠣᠯᠤᠨ ᠠᠷᠪᠠ ᠶᠢᠰᠦᠳᠦᠭᠡᠷ ᠬᠤᠭᠤᠴᠠᠭ᠋ᠠᠨ᠎ᠤ ᠲᠥᠪ ᠬᠣᠷᠢᠶᠠᠨ᠎ᠤ ᠬᠣᠶᠠᠳᠤᠭ᠋ᠠᠷ᠂ ᠭᠤᠷᠪᠠᠳᠤᠭ᠋ᠠᠷ᠂ ᠳᠥᠷᠪᠡᠳᠦᠭᠡᠷ᠂ ᠲᠠᠪᠤᠳᠤᠭ᠋ᠠᠷ ᠪᠦᠭᠦᠳᠡ ᠬᠤᠷᠠᠯ᠎ᠤᠨ ᠵᠣᠷᠢᠭ ᠰᠠᠨᠠᠭ᠎ᠠ ᠵᠢ ᠪᠦᠬᠦ ᠲᠠᠯ᠎ᠠ᠎ᠪᠠᠷ ᠲᠤᠤᠱᠯᠠᠭᠤᠯᠵᠤ᠂ ᠰᠢ ᠵᠢᠨ ᠫᠢᠩ ᠶᠡᠷᠦᠩᠬᠡᠶ ᠱᠦᠵᠢ ᠵᠢᠨ ᠥᠪᠥᠷ ᠮᠣᠩᠭᠣᠯ᠎ᠳᠤ ᠲᠠᠯᠪᠢᠭᠰᠠᠨ ᠴᠢᠬᠤᠯᠠ ᠶᠠᠷᠢᠶ᠎ᠠ ᠴᠢᠬᠤᠯᠠ ᠵᠢᠭ᠋ᠠᠪᠤᠷᠢ ᠴᠣᠬᠣᠯᠠᠪᠤᠷᠢ ᠵᠢᠨ ᠵᠣᠷᠢᠭ ᠰᠠᠨᠠᠭ᠎ᠠ ᠵᠢ ᠭᠦᠨᠵᠡᠭᠡᠶ ᠲᠤᠤᠱᠯᠠᠭᠤᠯᠵᠤ᠂ ᠲᠣᠭᠲᠠᠭᠤᠨ ᠪᠠᠶ᠋ᠢᠯᠭ᠋ᠠᠬᠤ ᠵᠢᠨ ᠵᠡᠷᠭᠡ᠎ᠳᠤ ᠤᠷᠤᠭᠰᠢᠯᠠᠭᠤᠯᠬᠤ ᠠᠵᠢᠯ᠎ᠤᠨ ᠶᠡᠷᠦᠩᠬᠡᠶ ᠬᠥᠭ ᠠᠶᠠᠰ᠎ᠢ ᠪᠠᠷᠢᠮᠲᠠᠯᠠᠵᠤ᠂ 《ᠵᠢᠷᠭᠤᠭ᠎ᠠ ᠵᠢ ᠲᠣᠭᠲᠠᠭᠤᠨ ᠪᠠᠶ᠋ᠢᠯᠭ᠋ᠠᠬᠤ》 ᠠᠵᠢᠯ᠎ᠢ ᠯᠠᠪᠳᠠᠭᠤᠨ ᠪᠠᠲᠤᠲᠠᠶ ᠰᠠᠶ᠋ᠢᠲᠤᠷ ᠬᠢᠵᠦ᠂ 《ᠵᠢᠷᠭᠤᠭ᠎ᠠ ᠵᠢ ᠪᠠᠲᠤᠯᠠᠬᠤ》 ᠵᠢᠨ ᠡᠭᠦᠷᠭᠡ ᠵᠢ ᠪᠦᠬᠦ ᠲᠠᠯ᠎ᠠ᠎ᠪᠠᠷ ᠨᠠᠶ᠋ᠢᠳᠠᠪᠤᠷᠢᠵᠢᠭᠤᠯᠵᠤ᠂ ᠰᠢᠨ᠎ᠡ ᠲᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ᠎ᠠᠴᠠ ᠪᠣᠯᠤᠭᠰᠠᠨ ᠠᠰᠢᠭ ᠦᠭᠡᠢ ᠨᠥᠯᠥᠭᠡ ᠵᠢ ᠴᠢᠷᠮᠠᠶ᠋ᠢᠨ ᠲᠡᠪᠴᠢᠵᠦ᠂ ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠡᠵᠡᠮᠳᠡᠬᠦ ᠪᠠ ᠠᠵᠤ ᠠᠬᠤᠢ ᠨᠡᠶ᠋ᠢᠭᠡᠮ᠎ᠤᠨ ᠬᠥᠭᠵᠢᠯᠲᠡ ᠵᠢ ᠨᠢᠭᠡᠳᠦᠯᠲᠡᠢ ᠲᠥᠯᠥᠪᠵᠢᠭᠦᠯᠦᠨ ᠠᠬᠢᠭᠤᠯᠵᠤ᠂ ᠠᠮᠢ ᠠᠬᠤᠢ ᠵᠢ ᠲᠡᠷᠢᠭᠦᠨ᠎ᠳᠤ ᠲᠠᠯᠪᠢᠬᠤ᠂ ᠪᠣᠬᠢᠷᠲᠤᠯ ᠦᠭᠡᠢ ᠬᠥᠭᠵᠢᠯᠲᠡ᠎ᠪᠠᠷ ᠤᠳᠤᠷᠢᠳᠤᠮᠵᠢ ᠪᠣᠯᠭ᠋ᠠᠭᠰᠠᠨ ᠴᠢᠨᠠᠷ ᠰᠠᠶ᠋ᠢᠲᠠᠢ ᠬᠥᠭᠵᠢᠯᠲᠡ ᠵᠢᠨ ᠰᠢᠨ᠎ᠡ ᠵᠠᠮ ᠵᠶ᠋ᠠᠷ ᠡᠷᠡᠰ ᠭᠤᠶ᠋ᠢᠪᠢᠰᠢ ᠦᠭᠡᠢ ᠵᠠᠮᠨᠠᠵᠤ᠂ ᠬᠢᠮᠤᠷᠠᠯ᠎ᠤᠨ ᠳᠤᠮᠳᠠ ᠰᠢᠨ᠎ᠡ ᠪᠠᠶ᠋ᠢᠳᠠᠯ᠎ᠢ ᠪᠤᠢ ᠪᠣᠯᠭ᠋ᠠᠵᠤ᠂ ᠬᠤᠪᠢᠷᠠᠯᠲᠠ ᠵᠢᠨ ᠳᠤᠮᠳᠠ ᠰᠢᠨ᠎ᠡ ᠪᠠᠶ᠋ᠢᠳᠠᠯ᠎ᠢ ᠡᠭᠦᠳᠴᠦ᠂ ᠪᠦᠬᠦ ᠬᠤᠳᠠ ᠵᠢᠨ ᠠᠵᠤ ᠠᠬᠤᠢ ᠲᠣᠭᠲᠠᠭᠤᠨ᠎ᠤ ᠳᠤᠮᠳᠠ ᠰᠠᠶ᠋ᠢᠵᠢᠷᠠᠵᠤ᠂ ᠨᠡᠶ᠋ᠢᠭᠡᠮ᠎ᠤᠨ ᠶᠡᠬᠡ ᠲᠠᠯ᠎ᠠ ᠡᠶ᠎ᠡ ᠵᠣᠬᠢᠴᠠᠩᠭᠤᠢ᠎ᠪᠠᠷ ᠲᠣᠭᠲᠠᠭᠤᠨ ᠪᠣᠯᠪᠠ᠃ ᠪᠥᠬᠥ ᠬᠣᠲᠠ ᠵᠢᠨ ᠭᠠᠵᠠᠷ ᠣᠷᠣᠨ᠎ᠤ ᠦᠢ᠍ᠯᠡᠳᠪᠦᠷᠢᠯᠡᠯ᠎ᠤᠨ ᠶᠡᠷᠦᠩᠬᠡᠶ ᠥᠷᠲᠡᠭ 32.56 ᠳ᠋ᠦᠩᠰᠢᠭᠤᠷ ᠲᠥᠭᠥᠷᠢᠭ᠎ᠲᠤ ᠬᠥᠷᠪᠡ; ᠨᠡᠶ᠋ᠢᠭᠡᠮ᠎ᠤᠨ ᠬᠡᠷᠡᠭᠯᠡᠭᠡᠨ᠎ᠤ ᠵᠦᠢ᠍ᠯ᠎ᠤᠨ ᠵᠢᠵᠢᠭᠯᠡᠨ ᠬᠤᠳᠠᠯᠳᠤᠭᠰᠠᠨ ᠶᠡᠷᠦᠩᠬᠡᠶ ᠲᠣᠭ᠎ᠠ 11.98 ᠳ᠋ᠦᠩᠰᠢᠭᠤᠷ ᠲᠥᠭᠥᠷᠢᠭ᠎ᠲᠤ ᠬᠥᠷᠪᠡ; ᠡᠩ᠎ᠤᠨ ᠣᠯᠠᠨ ᠨᠡᠶ᠋ᠢᠲᠡ ᠵᠢᠨ ᠲᠥᠰᠦᠪ᠎ᠤᠨ ᠣᠷᠣᠯᠭ᠎ᠠ ᠵᠢ 8107 ᠲᠦᠮᠡᠨ ᠲᠥᠭᠥᠷᠢᠭ ᠪᠡᠶᠡᠯᠡᠭᠦᠯᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 14%᠎ᠪᠠᠷ ᠨᠡᠮᠡᠭᠳᠡᠪᠡ; ᠬᠢᠵᠠᠭ᠋ᠠᠷᠯᠠᠭᠰᠠᠨ ᠲᠣᠭ᠎ᠠ᠎ᠠᠴᠠ ᠳᠡᠭᠡᠭᠰᠢᠬᠢ ᠲᠣᠭᠲᠠᠮᠠᠯ ᠬᠦᠷᠦᠩᠭᠡ ᠵᠢᠨ ᠪᠡᠯᠡ ᠣᠷᠣᠭᠤᠯᠤᠯᠲᠠ ᠵᠢ 4.18 ᠳ᠋ᠦᠩᠰᠢᠭᠤᠷ ᠲᠥᠭᠥᠷᠢᠭ ᠪᠡᠶᠡᠯᠡᠭᠦᠯᠵᠦ᠂ 18.2% ᠵᠶ᠋ᠠᠷ ᠨᠡᠮᠡᠭᠳᠡᠭᠦᠯᠪᠡ; ᠬᠤᠳᠠ ᠪᠠᠯᠭ᠋ᠠᠰᠤᠨ᠎ᠤ ᠪᠠᠶ᠋ᠢᠩᠭᠤ ᠰᠠᠭᠤᠭ᠎ᠠ ᠰᠠᠭᠤᠭ᠋ᠠᠯᠢ ᠠᠷᠠᠳ᠎ᠤᠨ ᠬᠥᠮᠦᠨ ᠳᠤᠮᠳᠠᠴᠢ ᠵᠢᠨ ᠡᠵᠡᠮᠳᠡᠵᠦ ᠪᠣᠯᠬᠤ ᠣᠷᠣᠯᠭ᠎ᠠ 2.9%᠎ᠪᠠᠷ ᠨᠡᠮᠡᠭᠳᠡᠪᠡ᠃ ᠪᠣᠬᠢᠷᠲᠤᠯ ᠦᠭᠡᠢ ᠭᠦᠢ᠍ᠴᠡᠳᠬᠡᠬᠦ ᠲᠣᠭ᠋ᠠᠨ᠎ᠤ ᠰᠢᠰᠲ᠋ᠧᠮ᠎ᠢ ᠪᠦᠬᠦ ᠴᠢᠷᠮᠠᠶ᠋ᠢᠨ ᠲᠡᠮᠡᠴᠡᠬᠦ᠎ᠪᠠᠷ ᠳᠡᠮᠵᠢᠨ᠂ ᠳᠡᠭᠡᠳᠦ ᠱᠠᠲᠤᠨ᠎ᠤ ᠡᠯ᠎ᠡ ᠲᠥᠷᠥᠯ᠎ᠤᠨ ᠨᠥᠬᠥᠪᠥᠷᠢ ᠪᠠᠯᠠ ᠮᠥᠩᠭᠥ ᠵᠢ 17.81 ᠳ᠋ᠦᠩᠰᠢᠭᠤᠷ ᠲᠥᠭᠥᠷᠢᠭ ᠣᠯᠵᠤ᠂ ᠲᠡᠤᠬᠡ ᠵᠢᠨ ᠰᠢᠨ᠎ᠡ ᠲᠡᠮᠳᠡᠭᠯᠡᠯ᠎ᠢ ᠳᠠᠬᠢᠨᠲᠠ ᠡᠭᠦᠳᠪᠡ᠃
   (ᠨᠢᠭᠡ) ᠴᠢᠬᠤᠯᠠ ᠶᠡᠬᠡ ᠪᠡᠷᠬᠡ ᠰᠡᠳᠦᠪ᠎ᠢ ᠰᠢᠢ᠍ᠳᠪᠦᠷᠢᠯᠡᠬᠦ ᠠᠵᠢᠯ᠎ᠤᠨ ᠦᠷ᠎ᠡ ᠪᠦᠲᠦᠮᠵᠢ ᠢᠯᠡᠳᠲᠡ ᠪᠣᠯᠪᠠ᠃ ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠬᠢᠵᠠᠭ᠋ᠠᠷᠯᠠᠬᠤ ᠬᠣᠷᠢᠭᠯᠠᠨ ᠴᠣᠬᠢᠬᠤ ᠲᠠᠢ᠍ᠢ᠍ᠨ᠎ᠤ ᠢᠯᠠᠯᠲᠠ ᠵᠢ ᠡᠷᠡᠰ ᠲᠡᠮᠡᠴᠡᠨ ᠣᠯᠵᠤ᠂ ᠠᠷᠠᠳ ᠲᠦᠮᠡᠨ᠎ᠤ ᠠᠮᠢ ᠨᠠᠰᠤᠨ᠎ᠤ ᠠᠮᠤᠷ ᠲᠦᠪᠰᠢᠨ ᠪᠠ ᠪᠡᠶ᠎ᠡ ᠮᠠᠬᠠᠪᠣᠳ᠎ᠤᠨ ᠡᠷᠡᠭᠦᠯ ᠮᠡᠨᠳᠤ ᠵᠢ ᠢᠮᠠᠭᠲᠠ ᠲᠡᠷᠢᠭᠦᠨ ᠪᠠᠶ᠋ᠢᠷᠢᠨ᠎ᠳᠤ ᠲᠠᠯᠪᠢᠵᠤ᠂ ᠪᠦᠬᠦ ᠬᠤᠳᠠ ᠵᠢᠨ ᠬᠦᠴᠦᠨ᠎ᠢ ᠲᠠᠢ᠍ᠢ᠍ᠴᠢᠯᠠᠨ ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠬᠢᠵᠠᠭ᠋ᠠᠷᠯᠠᠬᠤ ᠠᠵᠢᠯ᠎ᠢ ᠥᠷᠨᠢᠭᠦᠯᠵᠦ᠂ ᠨᠡᠢ᠍ᠢ᠍ᠳᠡ 3.8 ᠲᠦᠮᠡᠨ ᠬᠥᠮᠦᠨ ᠤᠳᠠᠭ᠎ᠠ ᠵᠢᠨ ᠬᠥᠮᠦᠰ᠎ᠢ ᠬᠥᠳᠡᠯᠭᠡᠵᠦ᠂ ᠰᠡᠷᠭᠡᠶ᠋ᠢᠯᠡᠨ ᠬᠢᠵᠠᠭ᠋ᠠᠷᠯᠠᠬᠤ ᠪᠡᠯᠡ ᠮᠥᠩᠭᠥ 709 ᠲᠦᠮᠡᠨ ᠲᠥᠭᠥᠷᠢᠭ ᠣᠷᠣᠭᠤᠯᠵᠤ᠂ ᠪᠦᠬᠦ ᠬᠤᠳᠠ ᠵᠢᠨ ᠴᠥᠬᠥᠷᠡᠰᠢ ᠦᠭᠡᠢ ᠴᠢᠷᠮᠠᠶ᠋ᠢᠯᠭ᠎ᠠ᠎ᠪᠠᠷ ᠲᠠᠮᠵᠢᠨ᠂ ᠬᠢᠵᠢᠭ᠎ᠤᠨ ᠪᠠᠶ᠋ᠢᠳᠠᠯ᠎ᠢ ᠦᠯᠦ ᠣᠷᠣᠭᠤᠯᠬᠤ᠂ ᠦᠯᠦ ᠬᠠᠯᠳᠠᠪᠤᠷᠢᠯᠠᠬᠤ ᠵᠢ ᠦᠨᠡᠨ ᠬᠦ᠌ ᠪᠠᠲᠤᠯᠠᠪᠠ᠃ ᠪᠠᠶ᠋ᠢᠩᠭᠤᠵᠢᠭᠰᠠᠨ ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠡᠵᠡᠮᠳᠡᠬᠦ᠎ᠳᠤ ᠤᠷᠤᠭᠰᠠᠨ᠎ᠤ ᠳᠠᠷᠠᠭ᠎ᠠ᠂ ᠠᠵᠤ ᠠᠬᠤᠶ᠋ᠢᠯᠠᠯ᠎ᠤᠨ ᠠᠵᠢᠯ ᠵᠶ᠋ᠠᠨ ᠰᠡᠷᠭᠦᠭᠡᠵᠦ ᠦᠢ᠍ᠯᠡᠳᠪᠦᠷᠢᠯᠡᠯ ᠵᠶ᠋ᠠᠨ ᠰᠡᠷᠭᠦᠭᠡᠬᠦ᠂ ᠦᠢ᠍ᠯᠡᠳᠪᠦᠷᠢᠯᠡᠯ ᠠᠮᠢᠳᠤᠷᠠᠯ᠎ᠤᠨ ᠡᠮᠬᠢ ᠵᠢᠷᠤᠮ ᠵᠶ᠋ᠠᠨ ᠡᠮᠬᠢ ᠵᠢᠷᠤᠮ᠎ᠲᠠᠢ ᠰᠡᠷᠭᠦᠭᠡᠬᠦ ᠵᠢ ᠪᠥᠬᠥ ᠬᠦᠴᠦᠨ ᠵᠶ᠋ᠠᠷ ᠳᠥᠯᠭᠢᠨ ᠠᠬᠢᠭᠤᠯᠵᠤ᠂ ᠪᠠᠴᠢᠮ ᠪᠠᠶ᠋ᠢᠳᠠᠯ᠎ᠢ ᠠᠷᠭ᠋ᠠᠴᠠᠬᠤ ᠡᠳ᠋ ᠪᠣᠳᠠᠰ᠎ᠤᠨ ᠪᠠᠲᠤᠯᠠᠭ᠎ᠠ ᠵᠢᠨ ᠰᠢᠰᠲ᠋ᠧᠮᠵᠢ ᠵᠢᠨ ᠪᠠᠶ᠋ᠢᠭᠤᠯᠤᠯᠲᠠ ᠵᠢ ᠴᠢᠩᠭ᠋ᠠᠳᠬᠠᠨ᠂ ᠪᠥᠬᠥ ᠠᠵᠢᠯᠲᠠᠨ᠎ᠤ ᠪᠥᠭᠡᠮ ᠬᠦᠴᠢᠯ᠎ᠤᠨ ᠪᠠᠶ᠋ᠢᠴᠠᠭ᠋ᠠᠨ ᠬᠡᠮᠵᠢᠯᠲᠡ ᠵᠢᠨ ᠪᠠᠴᠢᠮ ᠪᠠᠶ᠋ᠢᠳᠠᠯ᠎ᠢ ᠠᠷᠭ᠋ᠠᠴᠠᠬᠤ ᠰᠣᠷᠢᠯᠲᠠ ᠵᠢ ᠥᠷᠨᠢᠭᠦᠯᠵᠦ᠂ ᠭᠣᠤᠯᠳᠠᠯᠭ᠎ᠠ᠎ᠲᠠᠢ ᠬᠥᠮᠦᠰ᠎ᠲᠤ ᠸᠠᠺᠼᠢᠨ᠎ᠤ 6873 ᠲᠦᠮᠡᠨ ᠲᠥᠭᠥᠷᠢᠭ᠎ᠤᠨ ᠪᠠᠯᠠ ᠮᠥᠩᠭᠥ ᠤᠯᠬᠤ᠎ᠪᠠᠷ ᠴᠢᠷᠮᠠᠶ᠋ᠢᠵᠤ᠂ ᠪᠥᠭᠡᠮ ᠬᠦᠴᠢᠯ᠎ᠤᠨ ᠲᠤᠷᠰᠢᠯᠲᠠ ᠵᠢᠨ ᠲᠠᠰᠤᠭ᠂ ᠪᠠᠷᠢᠮᠵᠢᠶᠠᠲᠤ ᠬᠠᠯᠳᠠᠪᠤᠷᠢᠲᠤ ᠡᠪᠡᠳᠴᠢᠨ᠎ᠤ ᠥᠷᠥᠭᠡ᠂ ᠰᠢᠶᠠᠩ ᠪᠠᠯᠭ᠋ᠠᠰᠤᠨ᠎ᠤ ᠡᠷᠡᠭᠦᠯ ᠬᠠᠮᠠᠭ᠋ᠠᠯᠠᠯ᠎ᠤᠨ ᠬᠣᠷᠢᠶ᠎ᠠ ᠵᠢᠨ ᠬᠠᠯᠳᠠᠪᠤᠷᠢᠲᠤ ᠡᠪᠡᠳᠴᠢᠨ᠎ᠢ ᠰᠢᠭᠰᠢᠨ ᠪᠠᠶ᠋ᠢᠴᠠᠭ᠋ᠠᠬᠤ ᠴᠢᠭ ᠵᠡᠷᠭᠡ ᠡᠮᠴᠢᠯᠡᠭᠡᠨ᠎ᠤ ᠪᠡᠯᠡᠳᠬᠡᠮᠵᠢ ᠵᠢ ᠳᠡᠭᠡᠭᠰᠢᠯᠡᠭᠦᠯᠦᠨ ᠥᠭᠡᠷᠡᠴᠢᠯᠡᠵᠦ᠂ ᠪᠥᠭᠡᠮ ᠬᠦᠴᠢᠯ᠎ᠤᠨ ᠪᠠᠶ᠋ᠢᠴᠠᠭ᠋ᠠᠨ ᠰᠢᠯᠭ᠋ᠠᠬᠤ ᠴᠢᠳᠠᠪᠤᠷᠢ ᠵᠢ ᠡᠳᠦᠷ ᠪᠦᠷᠢ 2 ᠲᠦᠮᠡᠨ ᠬᠥᠮᠦᠨ ᠤᠳᠠᠭ᠎ᠠ᠎ᠳᠤ ᠬᠦᠷᠦᠭᠦᠯᠵᠦ᠂ ᠬᠠᠯᠳᠠᠪᠤᠷᠢᠲᠤ ᠡᠪᠡᠳᠴᠢᠨ᠎ᠤ ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠡᠵᠡᠮᠳᠡᠬᠦ ᠴᠢᠳᠠᠪᠤᠷᠢ ᠵᠢ ᠪᠥᠬᠥ ᠲᠠᠯ᠎ᠠ᠎ᠪᠠᠷ ᠳᠡᠭᠡᠭᠰᠢᠯᠡᠭᠦᠯᠪᠡ᠃ ᠭᠤᠷᠪᠠᠨ ᠶᠡᠬᠡ ᠪᠣᠭᠣᠮᠲᠠ ᠰᠢᠪᠲᠤᠯᠬᠤ ᠳᠠᠶ᠋ᠢᠯᠠᠯᠳᠤᠭ᠋ᠠᠨ᠎ᠳᠤ ᠰᠢᠢ᠍ᠳᠪᠦᠷᠢᠲᠦ ᠴᠢᠨᠠᠷᠲᠠᠢ ᠢᠯᠠᠯᠲᠠ ᠣᠯᠵᠤ᠂ ᠨᠠᠮ᠎ᠤᠨ ᠲᠥᠪ ᠬᠣᠷᠢᠶᠠᠨ᠎ᠤ ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠰᠢᠢ᠍ᠳᠪᠦᠷᠢᠲᠦ ᠪᠤᠳᠤᠯᠭ᠎ᠠ ᠪᠠᠶ᠋ᠢᠷᠢᠯᠠᠭᠤᠯᠤᠯᠲᠠ ᠵᠢ ᠡᠷᠡᠰ ᠨᠠᠶ᠋ᠢᠳᠠᠪᠤᠷᠢᠵᠢᠭᠤᠯᠵᠤ᠂ ᠨᠠᠮ᠎ᠤᠨ ᠭᠡᠰᠢᠭᠦᠨ ᠺᠠᠳ᠋ᠷ᠎ᠤᠨ ᠶᠠᠳᠠᠭᠤ ᠬᠦᠴᠢᠷᠳᠡᠯᠲᠡᠢ ᠤᠯᠠᠨ ᠲᠦᠮᠡᠨ᠎ᠲᠠᠢ ᠬᠠᠷᠢᠯᠴᠠᠵᠤ ᠬᠠᠪᠰᠤᠷᠬᠤ ᠰᠢᠷᠢᠰ ᠠᠵᠢᠯᠯᠠᠭ᠎ᠠ ᠵᠢ ᠥᠷᠨᠢᠭᠦᠯᠵᠦ᠂ ᠬᠤᠳᠠ ᠪᠠᠯᠭ᠋ᠠᠰᠤᠨ᠎ᠤ ᠶᠠᠳᠠᠭᠤ ᠬᠦᠴᠢᠷᠳᠡᠯᠲᠡᠢ ᠭᠡᠷ ᠪᠦᠯᠢ ᠵᠢᠨ ᠦᠨᠳᠦᠰᠦᠨ ᠠᠮᠢᠳᠤᠷᠠᠯ᠎ᠢ ᠪᠦᠬᠦ ᠬᠦᠴᠦᠨ ᠵᠶ᠋ᠠᠷ ᠵᠶ᠋ᠠᠨ ᠪᠠᠲᠤᠯᠠᠪᠠ᠃ ᠲᠥᠪ ᠬᠣᠷᠢᠶ᠎ᠠ᠂ ᠥᠪᠡᠷᠲᠡᠭᠡᠨ ᠵᠠᠰᠠᠬᠤ ᠣᠷᠣᠨ᠎ᠤ ᠣᠷᠴᠢᠨ ᠠᠬᠤᠶ ᠵᠢᠨ ᠬᠠᠮᠠᠭ᠋ᠠᠯᠠᠯᠲᠠ ᠵᠢᠨ ᠰᠢᠪᠠᠳᠠᠨ ᠪᠠᠶ᠋ᠢᠴᠠᠭ᠋ᠠᠯᠲᠠ ᠵᠢᠴᠢ 《ᠡᠷᠬᠢᠨ ᠬᠠᠷᠠᠬᠤ》 ᠠᠵᠢᠯᠯᠠᠭ᠎ᠠ ᠵᠢᠨ ᠬᠠᠷᠢᠭᠤ ᠲᠤᠰᠬᠠᠭᠰᠠᠨ ᠠᠰᠠᠭᠤᠳᠠᠯ᠎ᠢ ᠪᠦᠬᠦᠨ᠎ᠢ ᠴᠡᠭᠴᠡᠯᠡᠨ ᠵᠠᠰᠠᠵᠤ ᠳ᠋ᠤᠭ᠋ᠠᠷ᠎ᠢ᠎ᠨᠢ ᠬᠠᠰᠤᠪᠠ᠃ ᠪᠠᠶ᠋ᠢᠭᠤᠯᠤᠭᠰᠠᠨ ᠲᠣᠭᠣᠷᠢᠭ᠎ᠤᠨ ᠨᠡᠭᠦᠷᠡᠰᠦ ᠰᠢᠲᠠᠭ᠋ᠠᠬᠤ 6 ᠵᠢᠵᠢᠭ ᠭᠦᠸᠧᠯᠦ ᠵᠢ ᠰᠢᠭᠰᠢᠭᠳᠡᠭᠦᠯᠵᠦ᠂ ᠠᠭ᠋ᠠᠷ᠎ᠤᠨ ᠶᠠᠰᠤ ᠴᠢᠨᠠᠷ᠎ᠤᠨ ᠪᠦᠲᠦᠮᠵᠢᠲᠡᠶ ᠰᠢᠯᠢᠳᠡᠭ ᠡᠳᠦᠷ᠎ᠤᠨ ᠲᠣᠭ᠎ᠠ ᠵᠢᠨ ᠬᠠᠷᠢᠴᠠᠯ᠎ᠢ 100%᠎ᠳᠤ ᠬᠦᠷᠦᠭᠦᠯᠦᠨ᠎ᠡ᠃ ᠪᠣᠬᠢᠷ ᠤᠰᠤ ᠰᠢᠢ᠍ᠳᠪᠦᠷᠢᠯᠡᠬᠦ ᠦᠢ᠍ᠯᠡᠳᠪᠦᠷᠢ ᠵᠢᠨ ᠹᠣᠰᠹᠣᠷ ᠥᠬᠡᠶ᠋ᠢᠳᠡᠭᠦᠯᠬᠦ ᠠᠽᠣᠲ ᠥᠬᠡᠶ᠋ᠢᠳᠡᠭᠦᠯᠬᠦ ᠡᠨᠧᠷᠭᠢ ᠵᠢ ᠠᠷᠪᠢᠯᠠᠬᠤ ᠥᠭᠡᠷᠡᠴᠢᠯᠡᠯᠲᠡ ᠵᠢᠨ ᠢᠨᠵᠧᠨᠧᠷᠢᠩ᠎ᠢ ᠬᠡᠷᠡᠭᠵᠢᠭᠦᠯᠵᠦ᠂ ᠰᠢᠶᠠᠩ ᠪᠠᠯᠭ᠋ᠠᠰᠤᠨ᠎ᠤ ᠬᠣᠭ ᠨᠣᠪᠰᠢ ᠪᠠ ᠪᠣᠬᠢᠷ ᠤᠰᠤ ᠰᠢᠢ᠍ᠳᠪᠦᠷᠢᠯᠡᠬᠦ ᠵᠦᠢ᠍ᠯᠡᠰ᠎ᠤᠨ ᠳᠠᠭ᠋ᠠᠭ᠋ᠠᠴᠢᠯᠠᠯᠲᠠ ᠵᠠᠷᠯᠠᠬᠤ ᠪᠠ ᠳᠠᠭ᠋ᠠᠭ᠋ᠠᠴᠢᠯᠠᠯᠲᠠ ᠬᠦᠯᠢᠶᠡᠬᠦ ᠵᠢ ᠪᠡᠶᠡᠯᠡᠭᠦᠯᠦᠨ᠎ᠡ᠃ 906 ᠲᠦᠮᠡᠨ ᠲᠥᠭᠥᠷᠢᠭ᠎ᠤᠨ ᠤᠯᠤᠰ᠎ᠤᠨ ᠥᠮᠴᠢᠯᠡᠯᠲᠦ ᠡᠬᠢ ᠪᠠᠶᠠᠯᠢᠭ ᠡᠳ᠋ ᠬᠥᠷᠥᠩᠭᠡ ᠵᠢ ᠢᠯᠭ᠋ᠠᠷᠠᠭᠤᠯᠤᠨ ᠳᠢᠭᠯᠡᠵᠦ ᠠᠮᠢᠳᠤᠯᠢᠭ ᠪᠣᠯᠭ᠋ᠠᠵᠤ᠂ ᠵᠠᠰᠠᠭ᠎ᠤᠨ ᠣᠷᠳᠣᠨ᠎ᠤ ᠳᠠᠯᠳᠠ ᠥᠭᠴᠡᠭᠡ ᠵᠢ ᠠᠷᠢᠯᠭ᠋ᠠᠨ   ᠰᠢᠢ᠍ᠳᠪᠦᠷᠢᠯᠡᠵᠦ ᠣᠨ᠎ᠤ ᠡᠭᠦᠷᠭᠡ ᠵᠢᠨ 102.74% ᠵᠢ ᠪᠡᠶᠡᠯᠡᠭᠦᠯᠵᠦ᠂ ᠠᠷᠠᠳ᠎ᠠᠴᠠ ᠡᠵᠡᠩᠨᠡᠭᠰᠡᠨ ᠠᠵᠤ ᠠᠬᠤᠶ᠋ᠢᠯᠠᠯ᠎ᠤᠨ ᠳᠤᠮᠳᠠ ᠵᠢᠵᠢᠭ ᠠᠵᠤ ᠠᠬᠤᠶ᠋ᠢᠯᠠᠯ᠎ᠳᠤ ᠥᠷᠢᠲᠦᠵᠦ ᠪᠠᠶ᠋ᠢᠭ᠎ᠠ ᠳᠠᠩᠰᠠᠨ ᠵᠣᠭᠣᠰ᠎ᠢ ᠵᠤᠷᠪᠤᠰ ᠳᠠᠷᠠᠭ᠋ᠠᠯᠠᠨ ᠪᠠᠶ᠋ᠢᠴᠠᠭ᠋ᠠᠵᠤ᠂ ᠣᠨ᠎ᠤ ᠳᠥᠯᠥᠬᠦ ᠡᠭᠦᠷᠭᠡ᠎ᠪᠠᠨ 100%᠎ᠪᠠᠷ ᠪᠡᠶᠡᠯᠡᠭᠦᠯᠪᠡ᠃
   (ᠬᠣᠶᠠᠷ) ᠠᠮᠢ ᠠᠬᠤᠶ ᠵᠢᠨ ᠪᠥᠲᠥᠭᠡᠨ ᠪᠠᠶ᠋ᠢᠭᠤᠯᠤᠯᠲᠠ ᠵᠢᠨ ᠦᠷ᠎ᠡ ᠪᠦᠲᠦᠭᠡᠯ ᠡᠯᠪᠡᠭ ᠳᠡᠯᠪᠡᠭ᠃ ᠰᠢ ᠵᠢᠨ ᠫᠢᠩ᠎ᠤ ᠠᠮᠢ ᠠᠬᠤᠶ ᠵᠢᠨ ᠪᠣᠯᠪᠠᠰᠤᠨ᠎ᠤ ᠦᠵᠡᠯ ᠰᠠᠨᠠᠭ᠎ᠠ ᠵᠢ ᠭᠦᠨᠵᠡᠭᠡᠶ ᠲᠤᠤᠱᠯᠠᠭᠤᠯᠵᠤ᠂ ᠤᠯᠤᠰ᠎ᠤᠨ ᠠᠮᠢ ᠠᠬᠤᠶ ᠵᠢᠨ ᠪᠣᠯᠪᠠᠰᠤᠨ᠎ᠤ   ᠪᠠᠶ᠋ᠢᠭᠤᠯᠤᠯᠲᠠ ᠵᠢᠨ ᠵᠢᠱ᠌ᠢᠶ᠎ᠡ ᠦᠵᠡᠭᠦᠯᠬᠦ ᠬᠤᠳᠠ ᠵᠢᠨ ᠦᠷ᠎ᠡ ᠪᠦᠲᠦᠭᠡᠯ᠎ᠢ ᠪᠡᠬᠢᠵᠢᠭᠦᠯᠦᠨ᠂ 《ᠬᠥᠬᠡᠮᠳᠦᠭ ᠨᠣᠭᠣᠭ᠋ᠠᠨ ᠠᠭᠤᠯᠠ ᠤᠰᠤ ᠪᠣᠯ ᠠᠯᠳᠠ ᠮᠥᠩᠭᠥᠨ ᠠᠭᠤᠯᠠ》 ᠵᠢᠨ ᠦᠢ᠍ᠯᠡᠳᠦᠯᠭᠡ ᠵᠢᠨ ᠰᠢᠨ᠎ᠡ ᠵᠢ ᠡᠭᠦᠳᠬᠦ ᠰᠠᠭᠤᠷᠢᠨ ᠭᠠᠵᠠᠷ᠎ᠢ ᠡᠭᠦᠳᠦᠨ ᠪᠠᠶ᠋ᠢᠭᠤᠯᠵᠤ᠂ ᠰᠢᠶᠠᠨ᠎ᠤ ᠬᠡᠪᠴᠢᠶᠡᠨ᠎ᠤ ᠠᠮᠢ ᠠᠬᠤᠶ ᠵᠢᠨ ᠰᠢᠯᠵᠢᠭᠦᠯᠦᠨ ᠥᠭᠬᠦ ᠪᠡᠯᠡ ᠮᠥᠩᠭᠥ ᠵᠢ 1 .26 ᠳ᠋ᠦᠩᠰᠢᠭᠤᠷ ᠲᠥᠭᠥᠷᠢᠭ ᠤᠯᠬᠤ᠎ᠪᠠᠷ ᠴᠢᠷᠮᠠᠶ᠋ᠢᠨ᠎ᠠ᠃ ᠪᠢᠯᠢᠭ ᠬᠦᠴᠢᠯᠲᠥ᠋ᠷᠥᠭᠴᠢᠲᠦ ᠢᠶᠣᠨ᠎ᠤ ᠲᠣᠭ᠎ᠠ ᠪᠠᠷᠢᠮᠲᠠ ᠵᠢᠨ ᠬᠢᠨᠠᠨ ᠬᠡᠮᠵᠢᠯᠲᠡ ᠵᠢ ᠥᠷᠨᠢᠭᠦᠯᠵᠦ᠂ 《ᠳᠤᠮᠳᠠᠳᠤ ᠤᠯᠤᠰ᠎ᠤᠨ ᠣᠶ ᠰᠢᠭᠤᠶ ᠵᠢᠨ ᠬᠦᠴᠢᠯᠲᠥ᠋ᠷᠥᠭᠴᠢ ᠵᠢᠨ ᠪᠠᠭ᠋ᠠᠷ》᠎ᠤᠨ ᠭᠡᠷᠡᠴᠢᠯᠡᠯᠲᠡ ᠵᠢ ᠡᠬᠢᠯᠡᠭᠦᠯᠵᠦ᠂ 《ᠪᠥᠬᠥ ᠤᠯᠤᠰ᠎ᠤᠨ ᠣᠶ ᠰᠢᠭᠤᠶ ᠵᠢᠨ ᠡᠷᠡᠭᠦᠯᠵᠢᠯ ᠰᠤᠪᠢᠯᠠᠯᠲᠠ ᠵᠢᠨ ᠰᠠᠭᠤᠷᠢᠨ ᠭᠠᠵᠠᠷ᠎ᠤᠨ ᠲᠤᠷᠰᠢᠯᠲᠠ ᠵᠢᠨ ᠴᠢᠭ᠎ᠤᠨ ᠪᠥᠲᠥᠭᠡᠨ ᠪᠠᠶ᠋ᠢᠭᠤᠯᠤᠯᠲᠠ ᠵᠢᠨ ᠬᠣᠲᠠ》 ᠵᠢᠨ ᠢᠷᠠᠭᠤ ᠠᠯᠳᠠᠷ᠎ᠢ ᠭᠥᠷᠳᠡᠵᠦ᠂ 2020 ᠣᠨ᠎ᠤ ᠳᠤᠮᠳᠠᠳᠤ ᠤᠯᠤᠰ᠎ᠤᠨ ᠰᠢᠶᠠᠨ᠎ᠤ ᠬᠡᠪᠴᠢᠶᠡᠨ᠎ᠤ ᠪᠥᠬᠥ ᠠᠮᠢ ᠠᠬᠤᠶ ᠵᠢᠨ ᠵᠠᠭᠤᠨ ᠰᠢᠯᠢᠳᠡᠭ᠎ᠤᠨ ᠨᠡᠷᠡᠰ᠎ᠲᠤ ᠰᠣᠩᠭᠣᠭᠳᠠᠪᠠ᠃ 《ᠳᠥᠷᠪᠡᠨ ᠡᠮᠬᠢ ᠵᠠᠮᠪᠠᠷᠠᠭ᠎ᠠ ᠥᠬᠡᠶ》 ᠵᠢᠨ ᠦᠷ᠎ᠡ ᠪᠦᠲᠦᠭᠡᠯ᠎ᠢ ᠪᠡᠬᠢᠵᠢᠭᠦᠯᠵᠦ᠂ ᠭᠣᠤᠯ᠎ᠤᠨ ᠵᠠᠮ᠎ᠠᠴᠠ ᠡᠯᠡᠰᠦ ᠮᠠᠯᠲᠠᠬᠤ ᠲᠥᠯᠥᠪᠵᠢᠭᠦᠯᠭᠡ ᠵᠢ ᠵᠠᠰᠠᠨ ᠨᠠᠶ᠋ᠢᠷᠠᠭᠤᠯᠵᠤ᠂ 130 ᠭᠣᠤᠯ ᠮᠥᠷᠡᠨ᠎ᠤ ᠵᠠᠭ᠋ᠠᠭᠯᠠᠯ᠎ᠢ ᠪᠡᠶᠡᠯᠡᠭᠦᠯᠦᠨ᠂ ᠭᠠᠵᠠᠷ ᠣᠷᠣᠨ᠎ᠤ ᠤᠰᠤᠨ᠎ᠤ ᠣᠷᠴᠢᠨ ᠲᠣᠭᠣᠷᠢᠨ᠎ᠤ ᠠᠮᠤᠷ ᠲᠦᠪᠰᠢᠨ᠎ᠢ ᠦᠨᠡᠨᠬᠦ ᠬᠠᠮᠠᠭ᠋ᠠᠯᠠᠵᠤ᠂ ᠮᠠᠨ᠎ᠤ ᠬᠣᠲᠠ ᠤᠰᠤᠨ ᠠᠰᠢᠭᠯᠠᠯᠲᠠ ᠵᠢᠨ ᠶᠠᠮᠤᠨ᠎ᠳᠤ ᠭᠤᠷᠪᠠᠳᠤᠭ᠋ᠠᠷ ᠪᠦᠯᠦᠭ᠎ᠤᠨ ᠤᠰᠤ ᠠᠷᠪᠢᠯᠠᠬᠤ ᠬᠡᠯᠪᠡᠷᠢ ᠵᠢᠨ ᠨᠡᠶ᠋ᠢᠭᠡᠮ᠎ᠤᠨ ᠪᠥᠲᠥᠭᠡᠨ ᠪᠠᠶ᠋ᠢᠭᠤᠯᠤᠯᠲᠠ ᠵᠢᠨ ᠪᠠᠷᠢᠮᠵᠢᠶ᠎ᠠ᠎ᠳᠤ ᠬᠦᠷᠦᠭᠰᠡᠨ ᠬᠣᠲᠠ᠎ᠪᠠᠷ ᠦᠨᠡᠯᠡᠭᠳᠡᠪᠡ᠃ ᠪᠣᠬᠢᠷᠲᠤᠯ ᠥᠬᠡᠶ ᠠᠭᠤᠷᠬᠠᠶ ᠵᠢᠨ ᠪᠥᠲᠥᠭᠡᠨ ᠪᠠᠶ᠋ᠢᠭᠤᠯᠤᠯᠲᠠ ᠵᠢᠨ ᠠᠯᠬᠤᠴᠠ ᠲᠦᠷᠭᠡᠳᠴᠦ᠂ ᠪᠥᠬᠥ ᠬᠣᠲᠠ ᠵᠢᠨ 4 ᠠᠭᠤᠷᠬᠠᠶ ᠵᠢ ᠲᠣᠰ ᠲᠣᠰ ᠤᠯᠤᠰ᠎ᠤᠨ ᠲᠠᠰ᠎ᠤᠨ ᠪᠠ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠪᠣᠬᠢᠷᠲᠤᠯ ᠥᠬᠡᠶ ᠠᠭᠤᠷᠬᠠᠶ ᠵᠢᠨ ᠡᠩᠨᠡᠭᠡᠨ᠎ᠳᠤ ᠣᠷᠣᠭᠤᠯᠪᠠ᠃ ᠲᠣᠭᠲᠠᠭ᠋ᠠᠯ᠎ᠠᠴᠠ ᠵᠥᠷᠢᠴᠡᠨ ᠪᠠᠶ᠋ᠢᠭᠤᠯᠤᠭᠰᠠᠨ ᠵᠤᠰᠠᠯᠠᠩ᠎ᠢ ᠲᠤᠰᠬᠠᠶ ᠴᠡᠭᠴᠡᠯᠡᠨ ᠵᠠᠰᠠᠬᠤ ᠠᠵᠢᠯ ᠱᠠᠳᠤ ᠦᠶ᠎ᠡ ᠵᠢᠨ ᠴᠢᠨᠠᠷᠲᠠᠶ ᠠᠬᠢᠴᠠ᠎ᠲᠠᠢ ᠪᠣᠯᠪᠠ᠃ ᠪᠥᠬᠥ ᠵᠢᠯ᠎ᠳᠤ 5.75 ᠲᠦᠮᠡᠨ ᠰᠠᠭᠤᠷᠢ ᠠᠯᠪᠠᠨ ᠵᠢᠷᠤᠮ᠎ᠤᠨ ᠮᠣᠳᠣ ᠳᠠᠷᠢᠬᠤ ᠵᠢ ᠪᠡᠶᠡᠯᠡᠭᠦᠯᠵᠦ᠂ ᠭᠣᠤᠯᠳᠠᠯᠭ᠎ᠠ᠎ᠲᠠᠢ ᠣᠷᠣᠨ ᠪᠦᠰᠡ᠎ᠳᠤ 900 ᠮᠥ᠍ ᠮᠣᠳᠣ ᠨᠣᠭᠣᠭ᠋ᠠᠷᠠᠭᠤᠯᠵᠤ᠂ 100 ᠲᠦᠮᠡᠨ ᠰᠠᠭᠤᠷᠢ ᠵᠢᠭ᠋ᠠᠷᠲᠤ ᠨᠠᠷᠠᠰᠤᠨ᠎ᠤ ᠰᠠᠶ᠋ᠢᠨ ᠡᠭᠦᠯᠳᠡᠷ᠎ᠤᠨ ᠴᠢᠬᠢ ᠪᠣᠶ᠋ᠢᠵᠢᠭᠤᠯᠬᠤ ᠵᠢ ᠪᠡᠶᠡᠯᠡᠭᠦᠯᠪᠡ᠃
   (ᠭᠤᠷᠪᠠ) ᠠᠵᠤ ᠦᠢ᠍ᠯᠡᠰ᠎ᠤᠨ ᠲᠠᠰ ᠳᠡᠪᠰᠢᠬᠦ ᠵᠢ ᠯᠠᠪᠳᠠᠭᠤᠨ ᠵᠶ᠋ᠠᠷ ᠠᠬᠢᠭᠤᠯᠪᠠ᠃ ᠠᠮᠢ ᠠᠬᠤᠢ ᠵᠢ ᠠᠵᠤ ᠦᠢ᠍ᠯᠡᠰᠵᠢᠭᠦᠯᠬᠦ᠂ ᠠᠵᠤ ᠦᠢ᠍ᠯᠡᠰ᠎ᠢ ᠠᠮᠢ ᠠᠬᠤᠢ᠍ᠢ᠍ᠵᠢᠭᠤᠯᠬᠤ ᠬᠠᠷᠠᠯᠲᠠ ᠵᠢᠨ ᠤᠳᠤᠷᠢᠳᠤᠮᠵᠢ ᠶᠣᠰᠣᠭ᠋ᠠᠷ᠂ ᠡᠬᠢ ᠪᠠᠶᠠᠯᠢᠭ᠎ᠤᠨ ᠳᠠᠪᠠᠭᠤᠯᠢᠭ᠎ᠲᠤ ᠲᠦᠰᠢᠭᠯᠡᠨ᠂ ᠬᠠᠷᠢᠴᠠᠭᠤᠯᠤᠭᠰᠠᠨ ᠳᠠᠪᠠᠭᠤᠯᠢᠭ ᠵᠶ᠋ᠠᠨ ᠶᠡᠬᠡᠰᠬᠡᠵᠦ᠂ ᠨᠢᠭᠡ ᠦᠢ᠍ᠯᠡᠰ ᠵᠶ᠋ᠠᠷ ᠬᠦᠴᠦᠷᠬᠡᠭᠵᠢᠭᠦᠯᠬᠦ᠎ᠪᠠᠷ ᠤᠯᠠᠨ ᠦᠢ᠍ᠯᠡᠰ ᠵᠶ᠋ᠠᠷ ᠮᠠᠨᠳᠤᠭᠤᠯᠬᠤ ᠵᠢ ᠲᠠᠢ᠍ᠢ᠍ᠴᠢᠯᠠᠵᠤ᠂ ᠠᠮᠢ ᠠᠬᠤᠢ ᠵᠢ ᠲᠡᠷᠢᠭᠦᠨ᠎ᠳᠤ ᠲᠠᠯᠪᠢᠬᠤ᠂ ᠪᠣᠬᠢᠷᠲᠤᠯ ᠦᠭᠡᠢ ᠬᠥᠭᠵᠢᠭᠦᠯᠬᠦ ᠴᠢᠨᠠᠷ ᠰᠠᠶ᠋ᠢᠲᠠᠢ ᠬᠥᠭᠵᠢᠯᠲᠡ ᠵᠢᠨ ᠵᠠᠮ ᠵᠶ᠋ᠠᠷ ᠵᠠᠮᠨᠠᠬᠤ ᠵᠢ ᠲᠣᠳᠣᠷᠬᠠᠶ᠋ᠢᠯᠠᠪᠠ᠃

ᠢᠷᠡᠯᠲᠡ᠄ ᠭᠡᠭᠡᠨ ᠭᠤᠤᠯ ᠬᠤᠳᠠ ᠵᠢᠨ ᠵᠠᠰᠠᠭ᠎ᠤᠨ ᠤᠷᠳᠤᠨ
Baidu
map