ᠭᠡᠳᠡᠰᠣᠨ ᠬᠢᠵᠢᠭ ᠡᠪᠡᠳᠴᠢᠨ᠎ᠢ ᠰᠡᠷᠭᠡᠢ᠌ᠯᠡᠬᠦ ᠮᠡᠳᠡᠯᠭᠡ
ᠨᠡᠶ᠋ᠢᠲᠡᠯᠡᠭᠰᠡᠨ ᠴᠠᠭ᠄ 2026-06-10

ᠭᠡᠳᠡᠰᠣᠨ ᠬᠢᠵᠢᠭ ᠪᠣᠯ ᠭᠡᠳᠡᠰᠣᠨ ᠬᠢᠵᠢᠭ᠎ᠤᠨ ᠰᠠᠪᠬᠠᠨᠴᠢᠷ ᠪᠠᠺᠲᠸᠷᠢ᠎ᠠᠴᠠ ᠠ᠋ᠭᠦᠰᠣᠭ᠌ᠰᠡᠨ ᠲᠦᠷᠭᠡᠨ ᠴᠢᠨᠠᠷᠲᠠᠢ ᠭᠡᠳᠡᠰᠣᠨ᠎ᠤ ᠬᠠᠯᠳᠠᠪᠣᠷᠢᠳᠣ ᠡᠪᠡᠳᠴᠢᠨ ᠪᠣᠯᠣᠨ᠎ᠠ᠃ ᠬᠠᠯᠳᠠᠪᠣᠷᠢᠯᠠᠯ᠎ᠤᠨ ᠠ᠋ᠬᠢ ᠦᠨᠳᠣᠰᠣ᠎ᠨᠢ ᠭᠡᠳᠡᠰᠣᠨ ᠬᠢᠵᠢᠭ᠎ᠲᠠᠢ ᠡᠪᠡᠳᠴᠢᠲᠡᠨ ᠪᠣᠯᠣᠨ ᠭᠡᠳᠡᠰᠣᠨ᠎ᠤ ᠬᠢᠵᠢᠭ᠎ᠤᠨ ᠰᠠᠪᠬᠠᠨᠴᠢᠷ ᠪᠠᠺᠲᠸᠷᠢ ᠲᠠᠭ᠋ᠠᠭᠣᠯᠣᠭᠴᠢ ᠪᠠᠢ᠌ᠵᠣ᠂ ᠵᠣᠨ᠂ ᠨᠠᠮᠣᠷ᠎ᠤᠨ ᠣᠯᠠᠷᠢᠯ᠎ᠳᠤ ᠣᠯᠠᠨ ᠠ᠋ᠭᠦᠰᠣᠨ᠎ᠡ᠂ ᠬᠡᠣᠬᠡᠳ ᠪᠠᠭ᠋ᠠᠴᠣᠳ᠎ᠲᠤ ᠣᠯᠠᠨ ᠲᠣᠬᠢᠶᠠᠯᠳᠣᠳᠠᠭ᠃ ᠬᠦᠬᠡ ᠬᠡᠯᠪᠡᠷᠢ ᠵᠢᠨ ᠭᠡᠳᠡᠰᠣᠨ ᠬᠢᠵᠢᠭ᠎ᠨᠢ ᠣᠰᠣ᠂ ᠢᠳᠡᠭᠡᠨ᠂ ᠢᠯᠠᠭ᠎ᠠ ᠪᠠᠲᠠᠭ᠋ᠠᠨ᠎ᠠ᠂ ᠵᠣᠣᠮ᠎ᠠ ᠬᠣᠷᠣᠬᠠᠢ ᠵᠶ᠋ᠠᠷ ᠲᠠᠮᠵᠢᠵᠣ ᠬᠠᠯᠳᠠᠪᠣᠷᠢᠯᠠᠨ᠎ᠠ᠃ ᠠ᠋ᠭᠦᠨ᠎ᠳᠤ ᠣᠰᠣ᠎ᠪᠠᠷ ᠲᠠᠮᠵᠢᠨ ᠬᠠᠯᠳᠠᠪᠣᠷᠢᠯᠠᠬᠣ᠎ᠨᠢ ᠠᠷᠪᠢᠨ ᠪᠠᠢ᠌ᠵᠣ᠂ ᠬᠠᠮᠣᠭ ᠭᠣᠣᠯ ᠬᠠᠯᠳᠠᠪᠣᠷᠢᠯᠠᠬᠣ ᠵᠠᠮ ᠪᠣᠯᠵᠣ ᠪᠠᠢ᠌ᠨ᠎ᠠ᠃ ᠡᠪᠡᠳᠴᠢᠨ᠎ᠤ ᠪᠠᠺᠲᠸᠷᠢ᠎ᠨᠢ ᠡᠪᠡᠳᠴᠢᠲᠡᠨ᠎ᠤ ᠪᠠᠭ᠋ᠠᠰᠣ᠎ᠪᠠᠷ ᠲᠠᠮᠵᠢᠨ ᠭᠠᠳᠠᠭᠰᠢᠯᠠᠭ᠋ᠠᠳ ᠭᠣᠣᠯ ᠮᠦᠷᠡᠨ᠂ ᠨᠠᠭᠣᠷ ᠴᠦᠭᠦᠷᠣᠮ᠎ᠳᠤ 1 — 3 ᠭᠠᠷᠠᠭ ᠠᠮᠢᠳᠣᠷᠠᠵᠣ᠂ ᠵᠠᠳᠠᠭ᠋ᠠᠢ ᠵᠣᠷᠯᠣᠭ᠌᠎ᠳᠤ 1 — 2 ᠰᠠᠷ᠎ᠠ ᠠᠮᠢᠳᠣᠷᠠᠵᠣ ᠲᠠᠢ᠌ᠯᠣᠨ᠎ᠡ᠃ ᠬᠠᠯᠠᠭᠣᠨ᠎ᠳᠤ ᠮᠠᠰᠢ ᠲᠡᠰᠪᠣᠷᠢᠲᠠᠢ ᠪᠦᠭᠡᠳ ᠲᠡᠰᠬᠢᠮ᠎ᠡ ᠬᠦᠢ᠍ᠲᠡᠨ᠎ᠳᠤ ᠬᠡᠳᠣᠨ ᠰᠠᠷ᠎ᠠ ᠪᠣᠶᠣ ᠨᠡᠩ ᠣᠷᠲᠣ ᠬᠣᠭᠣᠴᠠᠭ᠎ᠠ ᠠᠮᠢᠳᠣᠷᠠᠳᠠᠭ᠃ ᠲᠣᠰ ᠡᠪᠡᠳᠴᠢᠨ᠎ᠳᠤ ᠬᠠᠯᠳᠠᠪᠣᠷᠢᠯᠠᠳᠠᠭᠰᠠᠨ᠎ᠠᠴᠠ ᠰᠡᠭᠦᠯᠡᠷ 2 — 4 ᠭᠠᠷᠠᠭ ᠦᠷᠬᠦᠯᠵᠢᠯᠡᠨ ᠪᠠᠭ᠋ᠠᠰᠣᠨ᠎ᠳᠤᠨᠢ ᠭᠡᠳᠡᠰᠣᠨ ᠬᠢᠵᠢᠭ᠎ᠤᠨ ᠰᠠᠪᠬᠠᠨᠴᠢᠷ ᠪᠠᠺᠲᠸᠷᠢ ᠢᠯᠭ᠋ᠠᠵᠤ ᠭᠠᠷᠬᠣ ᠲᠣᠯᠠ ᠬᠠᠯᠳᠠᠪᠣᠷᠢᠯᠠᠬᠣ ᠴᠢᠨᠠᠷ᠎ᠨᠢ ᠲᠣᠩ ᠴᠢᠩᠭ᠎ᠠ ᠪᠠᠢ᠌ᠳᠠᠭ᠃ ᠠ᠋ᠳᠡᠭᠡᠷᠡᠬᠦ ᠬᠣᠭᠣᠴᠠᠭ᠎ᠠ ᠪᠣᠯᠣᠨ ᠠ᠋ᠳᠡᠭᠡᠷᠡᠭᠰᠡᠨ᠎ᠤ ᠲᠠᠷᠣᠢ᠌ᠬᠠᠨ᠎ᠳᠤ ᠮᠦᠨ ᠦᠷᠬᠦᠯᠵᠢᠯᠡᠨ ᠪᠠᠭ᠋ᠠᠰᠣᠨ᠎ᠳᠠᠭᠠᠨ ᠪᠠᠺᠲᠸᠷᠢ ᠭᠠᠳᠠᠭᠰᠢᠯᠠᠭᠣᠯᠳᠠᠭ᠂ ᠠ᠋ᠨᠡᠬᠦ ᠪᠠᠺᠲᠸᠷᠢ᠎ᠨᠢ ᠣᠰᠣ᠎ᠪᠠᠷ ᠲᠠᠮᠵᠢᠨ ᠲᠠᠯᠠᠢ ᠵᠢᠨ ᠢᠳᠡᠭᠡᠨ᠂ ᠭᠣᠸᠠ ᠵᠢᠮᠢᠰ᠂ ᠨᠣᠭᠣᠭ᠎ᠠ᠂ ᠢᠳᠡᠭᠡᠨ᠎ᠤ ᠬᠡᠷᠡᠭᠰᠡᠯ ᠪᠣᠶᠣ ᠢᠯᠠᠭ᠎ᠠ ᠪᠠᠲᠠᠭ᠋ᠠᠨ᠂ ᠵᠣᠣᠮ᠎ᠠ ᠬᠣᠷᠣᠬᠠᠢ ᠵᠶ᠋ᠠᠷ ᠲᠠᠮᠵᠢᠨ ᠠ᠋ᠷᠡᠭᠦᠯ ᠬᠦᠮᠣᠰ᠎ᠲᠤ ᠬᠠᠯᠳᠠᠪᠣᠷᠢᠯᠠᠨ᠎ᠠ᠃

ᠨᠢᠭᠡ᠂ ᠭᠡᠳᠡᠰᠣᠨ ᠬᠢᠵᠢᠭ ᠡᠪᠡᠳᠴᠢᠨ᠎ᠤ ᠰᠢᠨᠵᠢ ᠢᠯᠡᠷᠡᠯ᠄

ᠡᠪᠡᠳᠴᠢᠨ᠎ᠤ ᠠ᠋ᠬᠢᠨ᠎ᠳᠤ ᠪᠦᠬᠦ ᠪᠡᠶ᠎ᠡ ᠲᠠᠭ᠋ᠠᠯᠠᠮᠵᠢ ᠦᠭᠡᠢ ᠪᠣᠯᠵᠤ᠂ ᠲᠠᠭᠰᠢᠭᠣᠷ ᠲᠣᠮᠣᠭᠣ ᠬᠦᠷᠣᠭ᠌ᠰᠡᠨ ᠰᠢᠭ ᠢᠳᠡᠭᠡᠨ ᠲᠣᠷᠠᠰᠢᠯ ᠮᠠᠭᠣᠲᠠᠨ᠂ ᠲᠣᠯᠣᠭ᠋ᠠᠢ ᠡᠪᠡᠳᠴᠣ ᠬᠠᠯᠠᠭᠣᠷᠠᠨ 5 — 6 ᠠ᠋ᠳᠣᠷ᠎ᠲᠤ 40 ᠭ᠋ᠷᠠᠳᠦ᠋ᠰ᠎ᠢ ᠳᠠᠪᠠᠵᠣ᠂ ᠠᠮᠠᠷᠬᠠᠨ ᠬᠠᠯᠠᠭᠣᠨ᠎ᠨᠢ ᠪᠠᠭᠣᠷᠠᠬᠣ ᠦᠭᠡᠢ᠂ ᠴᠡᠭᠡᠵᠢ ᠬᠡᠪᠡᠯᠢ ᠵᠢᠨ ᠬᠡᠰᠡᠭ᠎ᠲᠤ ᠣᠯᠠᠭ᠋ᠠᠨ ᠠ᠋ᠰᠡᠷᠭᠡᠨ᠎ᠡ ᠭᠠᠷᠬᠣ᠂ ᠠ᠋ᠯᠢᠭᠡ ᠲᠡᠯᠢᠭᠦᠣ ᠲᠣᠮᠣᠷᠠᠵᠣ᠂ ᠲᠠᠷᠣᠬᠣ᠎ᠳᠤ ᠪᠠᠭ᠎ᠠ ᠡᠪᠡᠳᠣᠨ᠎ᠡ᠂ ᠬᠦᠨᠳᠣᠷᠡᠪᠡᠯ ᠬᠡᠳᠡᠰᠣᠨ᠎ᠠᠴᠠ ᠴᠢᠰᠣ ᠭᠠᠷᠬᠣ᠂ ᠭᠡᠳᠡᠰᠣ ᠴᠣᠭᠣᠷᠠᠬᠣ᠂ ᠵᠢᠷᠣᠬᠡᠨ ᠪᠣᠯᠴᠢᠭ᠌᠎ᠤᠨ ᠦᠷᠪᠢᠰᠣᠯ ᠲᠠᠭ᠋ᠠᠯᠳᠣᠨ ᠠ᠋ᠭᠦᠰᠴᠣ ᠮᠡᠳᠡᠨ᠎ᠡ᠃ ᠠ᠋ᠢ᠌ᠮᠣ ᠬᠠᠪᠰᠣᠷᠠᠭᠰᠠᠨ ᠭᠡᠮ ᠲᠠᠪᠬᠣᠷᠠᠯᠠᠭᠰᠠᠨ ᠡᠪᠡᠳᠴᠢᠲᠡᠨ᠎ᠤ ᠦᠬᠦᠯ᠎ᠤᠨ ᠨᠣᠷᠮ᠎ᠠ ᠦᠨᠳᠣᠷ ᠪᠠᠢ᠌ᠳᠠᠭ᠃

ᠬᠣᠶᠠᠷ᠂ ᠭᠡᠳᠡᠰᠣᠨ ᠬᠢᠵᠢᠭ᠎ᠢ ᠶᠠᠭ᠋ᠠᠬᠢᠵᠣ ᠠ᠋ᠮᠴᠢᠯᠡᠨ ᠵᠠᠰᠠᠬᠣ ᠪᠣᠢ?

1᠂ ᠭᠡᠳᠡᠰᠣᠨ ᠬᠢᠵᠢᠭ ᠣᠯᠪᠠᠯ ᠵᠠᠪᠠᠯ ᠴᠠᠭ ᠲᠣᠬᠠᠢ᠎ᠳᠤᠨᠢ ᠲᠣᠰᠬᠠᠢ ᠠ᠋ᠮᠨᠡᠯᠭᠡ᠎ᠳᠤ ᠰᠠᠭᠣᠵᠣ᠂ ᠲᠣᠰᠠᠭ᠋ᠠᠷᠯᠠᠭᠰᠠᠨ ᠠ᠋ᠮᠴᠢᠯᠡᠭᠡ ᠬᠢᠨ᠎ᠡ᠂ ᠶᠠᠭ᠋ᠠᠬᠢᠭᠰᠠᠨ ᠴᠣ᠌ ᠭᠠᠴᠠᠭ᠎ᠠ ᠲᠣᠰᠬᠣᠨ᠎ᠤ ᠠ᠋ᠮᠨᠡᠯᠭᠡ ᠵᠢᠨ ᠭᠠᠵᠠᠷ᠎ᠲᠤ ᠠ᠋ᠮᠨᠡᠭᠦᠯᠣᠭᠡᠳ ᠵᠠᠰᠠᠵᠣ ᠠ᠋ᠳᠡᠭᠡᠬᠦ ᠠᠰᠢᠭᠲᠠᠢ ᠴᠠᠭ ᠬᠣᠭᠣᠴᠠᠭ᠎ᠠ ᠵᠢ ᠰᠠᠭ᠋ᠠᠲᠠᠭ᠋ᠠᠵᠣ᠂ ᠬᠦᠨᠳᠣ ᠨᠣᠴᠢᠲᠠᠢ ᠲᠠᠭ᠋ᠠᠯᠲᠠ ᠭᠡᠮ ᠠ᠋ᠭᠦᠰᠬᠦ᠎ᠠᠴᠠ ᠰᠡᠷᠭᠡᠢ᠌ᠯᠡᠬᠦ ᠵᠢᠨ ᠬᠠᠮᠳᠣ ᠭᠡᠷ᠎ᠤᠨ ᠬᠦᠮᠣᠰ᠎ᠲᠤ᠎ᠪᠠᠨ ᠬᠠᠯᠳᠠᠪᠣᠷᠢᠯᠠᠬᠣ᠎ᠠᠴᠠ ᠰᠡᠷᠭᠡᠢ᠌ᠯᠡᠨ᠎ᠡ᠃

2᠂ ᠭᠡᠳᠡᠰᠣᠨ ᠬᠢᠵᠢᠭ ᠡᠪᠡᠳᠴᠢᠲᠡᠨ ᠠ᠋ᠮᠴᠢ ᠨᠠᠷ᠎ᠲᠠᠢ ᠨᠢᠭᠲᠠ ᠬᠠᠪᠰᠣᠷᠣᠯᠴᠠᠵᠣ᠂ ᠪᠦᠬᠦ ᠠ᠋ᠮᠴᠢᠯᠡᠭᠡᠨ᠎ᠤ ᠬᠣᠭᠣᠴᠠᠭ᠎ᠠ ᠵᠢ ᠲᠡᠭᠦᠰᠬᠡᠨ᠎ᠡ᠂ ᠲᠣᠰ ᠡᠪᠡᠳᠴᠢᠨ᠎ᠢ ᠵᠠᠰᠠᠵᠣ ᠠ᠋ᠳᠡᠭᠡᠷᠡᠲᠡᠯ᠎ᠡ ᠲᠡᠭᠰᠢᠳᠬᠡᠭᠡᠳ 15 ᠠ᠋ᠳᠣᠷ᠎ᠤᠨ ᠣᠷᠴᠢᠮ ᠪᠣᠯᠳᠠᠭ᠃

3᠂ ᠡᠪᠡᠳᠴᠢᠲᠡᠨ᠎ᠤ ᠰᠠᠪᠬ᠎ᠠ᠂ ᠠᠯᠴᠢᠭᠣᠷ᠂ ᠰᠢᠳᠣ ᠣᠬᠢᠶᠠᠬᠣ ᠴᠣᠮᠣ ᠵᠡᠷᠭᠡ ᠠᠮᠢᠳᠣᠷᠠᠯ᠎ᠤᠨ ᠬᠡᠷᠡᠭᠰᠡᠯ᠎ᠢ ᠭᠡᠷ᠎ᠤᠨ ᠬᠦᠮᠣᠰ᠎ᠲᠠᠢ᠎ᠪᠠᠨ ᠰᠠᠯᠭ᠋ᠠᠵᠣ ᠪᠠᠢ᠌ᠬᠣ ᠬᠡᠷᠡᠭᠲᠠᠢ᠃

4᠂ ᠡᠪᠡᠳᠴᠢᠲᠡᠨ᠎ᠤ ᠪᠠᠭ᠋ᠠᠰᠣ᠂ ᠪᠦᠭᠡᠯᠵᠢᠰᠣ ᠵᠡᠷᠭᠡ᠎ᠢ 1/5 ᠵᠢᠨ ᠴᠠᠢ᠌ᠷᠠᠭᠣᠯᠬᠣ ᠨᠣᠨᠳᠠᠭ ᠵᠶ᠋ᠠᠷ ᠠᠷᠢᠭᠣᠳᠬᠠᠭᠰᠠᠨ᠎ᠤ ᠰᠡᠭᠦᠯᠡᠷ ᠰᠠᠶᠢ ᠵᠣᠷᠯᠣᠭ᠌᠎ᠳᠤ ᠴᠢᠳᠬᠣᠨ᠎ᠠ᠃

5᠂ ᠡᠪᠡᠳᠴᠢᠲᠡᠨ ᠣᠯᠠᠨ ᠨᠡᠢ᠌ᠲᠡ ᠵᠢᠨ ᠬᠣᠭᠣᠯᠠᠨ ᠭᠡᠷ᠎ᠲᠤ ᠣᠴᠢᠵᠣ ᠬᠣᠭᠣᠯᠠ ᠢᠳᠡᠬᠦ ᠦᠭᠡᠢ ᠪᠠᠢ᠌ᠵᠣ᠂ ᠪᠣᠰᠣᠳ᠎ᠲᠤ ᠬᠠᠯᠳᠠᠪᠣᠷᠢᠯᠠᠬᠣ᠎ᠠᠴᠠ ᠰᠡᠷᠭᠡᠢ᠌ᠯᠡᠨ᠎ᠡ᠃ ᠭᠡᠷ᠎ᠤᠨ ᠬᠦᠮᠣᠰ᠎ᠨᠢ ᠴᠣ᠌ ᠡᠪᠡᠳᠴᠢᠲᠡᠨ᠎ᠲᠠᠢ ᠠᠮᠢᠳᠣᠷᠠᠯ᠎ᠤᠨ ᠬᠡᠷᠡᠭᠰᠡᠯ ᠬᠠᠮᠳᠣ ᠬᠡᠷᠡᠭᠯᠡᠬᠦ ᠦᠭᠡᠢ ᠪᠠᠢ᠌ᠪᠠᠯ ᠵᠣᠬᠢᠨ᠎ᠠ᠃ ᠭᠣᠷᠪᠠ᠂ ᠭᠡᠳᠡᠰᠣᠨ ᠬᠢᠵᠢᠭ᠎ᠢ ᠰᠡᠷᠭᠡᠢ᠌ᠯᠡᠬᠦ᠎ᠳᠤ ᠲᠣᠣᠷᠠᠬᠢ ᠵᠣᠢ᠌ᠯ᠎ᠢ ᠠᠩᠬᠠᠷᠠᠪᠠᠯ ᠵᠣᠬᠢᠨ᠎ᠠ᠃

1᠂ ᠢᠳᠡᠭᠡᠨ᠎ᠤ ᠠ᠋ᠷᠡᠭᠦᠯ ᠬᠠᠮᠠᠭ᠋ᠠᠯᠠᠯ᠎ᠢ ᠠᠩᠬᠠᠷᠴᠣ᠂ ᠬᠦᠢ᠍ᠲᠡᠨ ᠣᠰᠣ ᠣᠣᠭᠣᠬᠣ ᠦᠭᠡᠢ᠂ ᠴᠡᠪᠡᠷ ᠪᠣᠰᠣ ᠢᠳᠡᠭᠡᠨ ᠢᠳᠡᠬᠦ ᠦᠭᠡᠢ᠂ ᠠᠷᠢᠭᠣᠨ ᠴᠡᠪᠡᠷ ᠪᠣᠰᠣ ᠢᠳᠡᠭᠡᠨ᠎ᠤ ᠬᠡᠷᠡᠭᠰᠡᠯ ᠬᠡᠷᠡᠭᠯᠡᠬᠦ ᠦᠭᠡᠢ᠂ ᠲᠦᠭᠦᠬᠡᠢ ᠭᠣᠸᠠ ᠨᠣᠭᠣᠭ᠎ᠠ ᠢᠳᠡᠬᠦ᠎ᠳᠡᠭᠡᠨ ᠲᠦᠭᠡᠭᠡᠯ ᠣᠰᠣ᠎ᠪᠠᠷ ᠰᠠᠢ᠌ᠳᠣᠷ ᠣᠬᠢᠶᠠᠨ ᠴᠡᠪᠡᠷᠯᠡᠵᠣ ᠢᠳᠡᠨ᠎ᠡ᠂ ᠲᠦᠭᠡᠭᠡᠯ ᠣᠰᠣ ᠦᠭᠡᠢ ᠪᠣᠯ ᠬᠠᠯᠢᠰᠣ᠎ᠢ᠎ᠨᠢ ᠠᠪᠴᠣ ᠬᠠᠶᠠᠭ᠋ᠠᠳ ᠢᠳᠡᠨ᠎ᠡ᠃

2᠂ ᠬᠦᠢ᠍ᠲᠡᠨ ᠨᠣᠭᠣᠭ᠎ᠠ᠂ ᠢᠯᠵᠠᠷᠠᠵᠣ ᠡᠪᠳᠡᠷᠡᠭᠰᠡᠨ ᠢᠳᠡᠭᠡᠨ᠂ ᠲᠠᠪᠣᠰᠣᠲᠠᠢ ᠨᠣᠭᠣᠭ᠎ᠠ ᠢᠳᠡᠬᠦ ᠦᠭᠡᠢ᠃

3᠂ ᠠᠷᠢᠭᠣᠨ ᠴᠡᠪᠡᠷ᠎ᠤᠨ ᠪᠠᠳᠣᠯᠠᠭ᠎ᠠ ᠦᠭᠡᠢ ᠬᠣᠭᠣᠯᠠᠨ ᠭᠡᠷ᠎ᠲᠤ ᠬᠣᠭᠣᠯᠠ ᠢᠳᠡᠬᠦ ᠦᠭᠡᠢ᠃

4᠂ ᠣᠰᠣᠨ᠎ᠤ ᠠ᠋ᠷᠡᠭᠦᠯ ᠬᠠᠮᠠᠭ᠋ᠠᠯᠠᠯ᠎ᠢ ᠠᠩᠬᠠᠷᠴᠣ᠂ ᠬᠣᠭᠣᠯᠠᠨ᠎ᠤ ᠠ᠋ᠮᠣᠨ᠎ᠡ᠂ ᠭᠠᠳᠠᠭ᠋ᠠᠯᠠᠭᠰᠠᠨ᠎ᠤ ᠲᠠᠷᠠᠭ᠎ᠠ ᠭᠠᠷ ᠵᠶ᠋ᠠᠨ ᠣᠬᠢᠶᠠᠵᠣ ᠪᠠᠢ᠌ᠪᠠᠯ ᠵᠤᠬᠢᠨ᠎ᠠ᠃

5᠂ ᠨᠡᠢ᠌ᠲᠡ ᠵᠢᠨ ᠵᠣᠷᠯᠣᠭ᠌᠎ᠤᠨ ᠬᠠᠮᠢᠶᠠᠷᠣᠯᠲᠠ ᠵᠢ ᠴᠢᠩᠭ᠋ᠠᠳᠬᠠᠵᠤ᠂ ᠭᠠᠳᠠᠭ᠋ᠠᠯᠠᠭ᠋ᠠᠳ ᠣᠳᠠᠭ᠎ᠠ ᠦᠭᠡᠢ ᠪᠠᠭ᠋ᠠᠰᠣ᠎ᠪᠠᠷ ᠪᠣᠷᠳᠣᠭᠣᠷ ᠪᠣᠯᠭ᠋ᠠᠬᠣ ᠦᠭᠡᠢ᠂ ᠪᠣᠷᠳᠣᠭᠣᠷ᠎ᠲᠤ ᠬᠡᠷᠡᠭᠯᠡᠬᠦ ᠪᠠᠭ᠋ᠠᠰᠣ ᠵᠢ ᠨᠢᠭᠡᠳᠣᠯᠲᠠᠢ ᠬᠣᠣᠷᠳᠠᠯ ᠦᠭᠡᠢ ᠰᠢᠳᠪᠣᠷᠢᠯᠡᠯ ᠬᠢᠭᠰᠡᠨ ᠪᠠᠢ᠌ᠬᠣ ᠬᠡᠷᠡᠭᠲᠠᠢ᠃

6᠂ ᠡᠪᠡᠳᠴᠢᠲᠡᠨ᠎ᠤ ᠠᠮᠢᠳᠣᠷᠠᠯ᠎ᠤᠨ ᠬᠡᠷᠡᠭᠰᠡᠯ᠎ᠢ ᠲᠣᠰᠭ᠋ᠠᠷᠯᠠᠵᠣ᠂ ᠭᠡᠷ ᠲᠣᠳᠣᠷᠠᠬᠢ ᠠᠷᠢᠭᠣᠨ ᠴᠡᠪᠡᠷ᠎ᠢ ᠰᠠᠢ᠌ᠳᠣᠷ ᠬᠢᠵᠤ᠂ ᠢᠯᠠᠭ᠎ᠠ ᠪᠠᠲᠠᠭ᠋ᠠᠨ᠂ ᠵᠣᠣᠮ᠎ᠠ ᠬᠣᠷᠣᠬᠠᠢ ᠵᠡᠷᠭᠡ ᠡᠪᠡᠳᠴᠢᠨ ᠲᠠᠮᠵᠢᠭᠣᠯᠣᠭᠴᠢ᠎ᠢ ᠣᠰᠠᠳᠬᠠᠨ᠎ᠠ᠃

7᠂ ᠭᠡᠳᠡᠰᠣᠨ ᠬᠢᠵᠢᠭ ᠢᠯᠡᠷᠡᠭᠦᠯᠪᠡᠯ ᠠ᠋ᠷᠲᠡ ᠮᠡᠳᠡᠭᠦᠯᠵᠤ᠂ ᠠ᠋ᠷᠲᠡ ᠲᠣᠰᠠᠭ᠋ᠠᠷᠠᠯᠠᠵᠤ᠂ ᠠ᠋ᠷᠲᠡ ᠵᠠᠰᠠᠨ᠎ᠠ᠃ ᠪᠣᠰᠣᠳ ᠬᠦᠮᠣᠰ᠎ᠲᠤ ᠬᠠᠯᠳᠠᠪᠣᠷᠢᠯᠠᠬᠣ ᠵᠢ ᠴᠢᠩᠭ᠎ᠠ ᠰᠡᠷᠭᠡᠢ᠌ᠯᠡᠨ᠎ᠡ᠃

ᠠᠩᠬᠠᠨ᠎ᠤ ᠬᠢᠨᠠᠭ᠍ᠴᠢ᠄  ᠸᠠᠩ  

     

     

ᠢᠷᠡᠯᠲᠡ᠄ ᠠᠯᠠᠱᠠ ᠵᠡᠭᠦᠨ ᠬᠣᠱᠢᠭᠤᠨ᠎ᠤ ᠠᠷᠠᠳ᠎ᠤᠨ ᠵᠠᠰᠠᠭ᠎ᠤᠨ ᠣᠷᠳᠣᠨ
Baidu
map