1. ᠭᠦᠢ᠍ᠴᠡᠳ ᠲᠡᠭᠦᠯᠳᠡᠷ ᠤᠶᠤᠨ ᠵᠤᠷᠢᠭᠲᠠᠢ ᠪᠠᠢ᠌ᠵᠤ᠂ ᠠ᠋ᠳᠦᠷ ᠲᠤᠲᠤᠮᠤᠨ ᠠᠮᠢᠳᠦᠷᠠᠯ ᠪᠤᠯᠤᠨ ᠬᠦᠨᠳᠦ ᠨᠦᠰᠡᠷ ᠠᠵᠢᠯ ᠠᠯᠪᠠ ᠵᠢ ᠠᠵᠢᠭ ᠦᠭᠡᠢ ᠭᠦᠢ᠍ᠴᠡᠳᠭᠡᠵᠦ ᠴᠢᠳᠠᠬᠤ ᠪᠦᠭᠡᠳ ᠶᠡᠷᠦᠠᠴᠠ ᠳᠡᠩᠳᠡᠭᠦᠦ ᠪᠠᠴᠢᠮᠳᠠᠬᠤ ᠦᠭᠡᠢ᠂ ᠶᠠᠳᠠᠷᠠᠬᠤ ᠴᠦ᠍ ᠦᠭᠡᠢ ᠪᠠᠢ᠌ᠳᠠᠭ;
2. ᠶᠠᠪᠤᠳᠠᠯ ᠤᠴᠢᠷᠲᠤ ᠪᠠᠶᠠᠰᠤᠩᠭᠤᠢ ᠢᠳᠡᠪᠬᠢᠲᠠᠢ ᠤᠪᠤᠷ ᠵᠶ᠋ᠠᠷ ᠬᠠᠨᠳᠤᠵᠤ᠂ ᠬᠠᠷᠢᠭᠤᠴᠠᠯᠭᠠ ᠵᠢ ᠳᠤᠷᠠᠲᠠᠢ᠌ᠶᠠ ᠬᠦᠯᠢᠶᠡᠨ ᠠᠪᠳᠠᠭ ᠪᠦᠭᠡᠳ ᠶᠡᠬᠡ ᠪᠠᠭᠠ ᠤᠴᠢᠷ ᠶᠠᠪᠤᠳᠠᠯᠲᠤ ᠠᠳᠠᠯᠢᠬᠠᠨ ᠨᠠᠷᠢᠨ ᠬᠢᠨᠠᠮᠠᠭ᠋ᠠᠢ ᠬᠠᠨᠳᠤᠳᠠᠭ;
3. ᠠᠮᠠᠷᠠᠵᠤ ᠴᠢᠳᠠᠬᠤ ᠪᠦᠭᠡᠳ ᠤᠨᠲᠠᠬᠤ ᠨᠤᠢ᠌ᠷ ᠰᠠᠢ᠌ᠨ;
4. ᠬᠤᠪᠢᠷᠠᠬᠤ ᠴᠢᠳᠠᠪᠤᠷᠢ ᠰᠠᠢ᠌ᠨ ᠪᠠᠢ᠌ᠵᠤ᠂ ᠭᠠᠳᠠᠭ᠋ᠠᠳᠤ ᠤᠷᠴᠢᠨᠤ ᠡᠯᠡ ᠵᠦᠢ᠍ᠯᠤᠨ ᠬᠤᠪᠢᠷᠠᠯᠲᠠᠳᠤ ᠵᠤᠬᠢᠴᠠᠵᠤ ᠴᠢᠳᠠᠳᠠᠭ;
5. ᠶᠡᠷᠦ ᠵᠢᠨ ᠬᠢᠮᠤᠷᠠᠭᠠ ᠲᠠᠭᠰᠢᠭᠤᠷ ᠪᠤᠶᠤ ᠬᠠᠯᠳᠠᠪᠤᠷᠢᠲᠦ ᠡᠪᠡᠳᠴᠢᠨᠢ ᠠ᠋ᠰᠡᠷᠭᠦᠴᠡᠵᠤ ᠴᠢᠳᠠᠳᠠᠭ;
6. ᠪᠡᠶᠡ ᠵᠢᠨ ᠬᠦᠨᠳᠦᠨᠢ ᠲᠤᠬᠢᠷᠠᠮᠵᠢᠲᠠᠢ ᠪᠠᠢ᠌ᠵᠤ᠂ ᠪᠡᠶᠡ ᠲᠦᠷᠬᠦ ᠲᠡᠭᠰᠢ ᠪᠦᠭᠡᠳ ᠵᠤᠭᠰᠤᠬᠤ ᠦᠶᠡᠰ ᠲᠤᠯᠤᠭ᠋ᠠᠢ᠂ ᠮᠦᠷᠦ᠂ ᠪᠦᠭᠰᠡ ᠵᠢᠨ ᠪᠠᠢ᠌ᠷᠢᠨᠢ ᠵᠤᠬᠢᠴᠠᠩᠭᠤᠢ ᠪᠠᠢ᠌ᠳᠠᠭ;
7. ᠨᠢᠳᠤᠨ ᠬᠠᠷᠠᠭᠠ ᠬᠤᠷᠴᠠ ᠲᠤᠩᠭ᠋ᠠᠯᠠᠭ᠂ ᠰᠡᠷᠡᠭᠳᠡᠯ ᠳᠤᠰᠬᠠᠯ ᠵᠶ᠋ᠠᠷ ᠪᠤᠰᠢᠭᠤ ᠱᠠᠯᠠᠮᠠᠭ᠋ᠠᠢ ᠪᠠᠢ᠌ᠵᠤ᠂ ᠨᠢᠳᠤᠨ ᠵᠤᠪᠬᠢᠨᠢ ᠬᠢᠯᠪᠠᠷᠬᠠᠨ ᠵᠶ᠋ᠠᠷ ᠦᠷᠪᠢᠰᠦᠯᠳᠤ ᠤᠨᠤᠭᠳᠠᠬᠤ ᠦᠭᠡᠢ;
8. ᠰᠢᠳᠦᠨᠢ ᠴᠡᠪᠡᠷᠬᠡᠨ᠂ ᠬᠤᠷᠤᠬᠠᠢ᠌ᠳᠤᠭᠰᠠᠨ ᠰᠢᠳᠦ ᠪᠠᠢ᠌ᠬᠤ ᠦᠭᠡᠢ᠂ ᠰᠢᠳᠦ ᠡᠪᠡᠳᠬᠦ ᠦᠭᠡᠢ᠂ ᠰᠢᠳᠦᠨ ᠪᠤᠢ᠌ᠯᠠ ᠬᠡᠪᠤᠨ ᠪᠠᠢ᠌ᠵᠤ᠂ ᠴᠢᠰᠦ ᠭᠠᠷᠬᠤ ᠪᠠᠢ᠌ᠳᠠᠯ ᠦᠭᠡᠢ;
ᠠᠩᠬᠠᠨᠤ ᠬᠢᠨᠠᠭ᠍ᠴᠢ᠄ ᠸᠠᠩ