1. ᠭᠡᠳᠤ ᠪᠠᠭ᠎ᠠ ᠤᠨᠳᠠᠬᠤ᠄ ᠦᠷᠭᠦᠯᠵᠢ ᠨᠤᠢ᠍ᠢ᠍ᠷ ᠬᠠᠨᠤᠬᠤ ᠦᠭᠡᠢ ᠪᠤᠯ ᠨᠢᠳᠤᠨ᠎ᠳᠤ ᠴᠢᠰᠦᠨ ᠰᠤᠳᠠᠯ ᠬᠦᠶᠦᠵᠤ᠂ ᠨᠢᠳᠤ ᠴᠠᠭ᠋ᠠᠷᠢᠭᠯᠠᠨ ᠬᠠᠷᠠᠯᠠᠵᠤ᠂ ᠨᠢᠭᠤᠷ᠎ᠤᠨ ᠠᠷᠠᠰᠤ ᠬᠤᠵᠠᠢ᠍ᠢ᠍ᠨ ᠰᠢᠷᠠᠯᠠᠳᠠᠭ᠃ ᠨᠤᠢ᠍ᠢ᠍ᠷ ᠵᠢᠡᠨ ᠰᠠᠢ᠍ᠢ᠍ᠵᠢᠷᠠᠭᠤᠯᠬᠤ ᠭᠡᠪᠡᠯ ᠠ᠋ᠳᠦᠷ ᠪᠦᠷᠢ ᠪᠡᠶ᠎ᠠ᠎ᠪᠠᠨ ᠪᠤᠯᠪᠠᠰᠤᠷᠠᠵᠤ ᠵᠢ ᠪᠠᠷᠢᠮᠳᠠᠯᠠᠬᠤ ᠬᠡᠷᠡᠭᠳᠡᠢ᠃ ᠭᠡᠪᠡᠴᠤ ᠤᠨᠳᠠᠬᠤ᠎ᠠᠴᠠ ᠠ᠋ᠮᠦᠨ᠎ᠠ ᠪᠤᠯᠪᠠᠰᠤᠷᠠᠵᠤ ᠪᠤᠯᠬᠤ ᠦᠭᠡᠢ᠃ ᠤᠨᠳᠠᠬᠤ᠎ᠠᠴᠠ ᠠ᠋ᠮᠦᠨ᠎ᠠ ᠦᠨᠢᠶᠠᠨ ᠰᠦ ᠤᠤᠭᠤᠪᠠᠯ ᠤᠨᠳᠠᠬᠤ ᠵᠢ ᠰᠠᠢ᠍ᠢ᠍ᠵᠢᠷᠠᠭᠤᠯᠳᠠᠭ᠃
2. ᠤ ᠠ᠋ᠨᠭ᠌ᠰᠡᠭᠡᠪᠠᠨ ᠤᠬᠢᠶᠠᠬᠤ ᠦᠭᠡᠢ᠎ᠪᠠᠷ ᠤᠨᠳᠠᠬᠤ᠄ ᠨᠢᠭᠡ ᠯᠡ ᠤᠷᠤᠢ ᠤᠨᠳᠠᠬᠤᠠᠴᠠᠪᠠᠨ ᠠ᠋ᠮᠦᠨ᠎ᠠ ᠠ᠋ᠳᠦᠷ᠎ᠤᠨ ᠲᠦᠷᠬᠢᠭᠰᠡᠨ ᠤ ᠠ᠋ᠨᠭ᠌ᠰᠡᠭᠡᠪᠠᠨ ᠤᠬᠢᠶᠠᠵᠤ ᠴᠡᠪᠡᠷᠯᠡᠭᠦ ᠦᠭᠡᠢ ᠪᠤᠯ ᠨᠢᠭᠡ ᠰᠠᠷ᠎ᠠ ᠬᠠᠮᠠᠭ᠋ᠠᠯᠠᠵᠤ ᠭᠤᠶᠤᠯᠠᠭᠰᠡᠨ ᠨᠢᠭᠤᠷ᠎ᠤᠨ ᠠᠷᠠᠰᠤ ᠵᠢ ᠴᠢᠨᠢ ᠰᠠᠷ᠎ᠠ ᠵᠢᠨ ᠠ᠋ᠮᠦᠨᠡᠬᠢ ᠪᠠᠢ᠍ᠢ᠍ᠳᠠᠯ᠎ᠳᠤ᠎ᠨᠢ ᠪᠤᠴᠠᠭ᠋ᠠᠨ᠎ᠠ᠃ ᠲᠦᠷᠬᠢᠭᠰᠡᠨ ᠤ ᠠ᠋ᠨᠭ᠌ᠰᠡᠭᠡᠨᠢ ᠰᠢᠷ᠎ᠠ ᠦᠰᠦᠨ᠎ᠤ ᠰᠦᠪᠡ ᠵᠢ ᠪᠦᠭᠯᠡᠵᠤ᠂ ᠠᠮᠠᠷᠬᠠᠨ ᠰᠡᠪᠡᠭᠡ ᠭᠠᠷᠤᠨ᠎ᠠ᠃
3. ᠰᠫᠢᠷᠲ᠂ ᠺᠤᠫᠸᠢᠢ᠍ᠨ ᠪᠠ ᠨᠢᠺᠤᠲ᠋ᠢᠨ ᠬᠦᠴᠢᠯ ᠰᠢᠨᠭᠭᠡᠭᠡᠨ ᠤᠷᠤᠭᠤᠯᠬᠤ᠄ ᠰᠫᠢᠷᠲ᠂ ᠺᠤᠫᠸᠢᠢ᠍ᠨ ᠪᠠ ᠨᠢᠺᠤᠲ᠋ᠢᠨ ᠬᠦᠴᠢᠯ᠎ᠨᠢ ᠬᠦᠮᠦᠨ᠎ᠤ ᠠ᠋ᠷᠡᠭᠦᠯ ᠮᠠᠨᠳᠤ᠎ᠳᠤ ᠮᠠᠰᠢ ᠬᠤᠤᠷᠳᠠᠢ ᠪᠠᠢ᠍ᠢ᠍ᠵᠤ᠂ ᠬᠦᠭᠰᠢᠷᠡᠯᠢ ᠲᠦᠷᠭᠡᠳᠭᠡᠳᠡᠭ᠃ ᠰᠫᠢᠷᠲ᠎ᠨᠢ ᠴᠢᠰᠦᠨ᠎ᠤ ᠠ᠋ᠷᠬᠢᠯᠳᠠ ᠵᠢ ᠲᠦᠷᠭᠡᠳᠭᠡᠵᠤ᠂ ᠨᠢᠭᠤᠷ᠎ᠤᠨ ᠠᠷᠠᠰᠤ ᠵᠢᠨ ᠤᠯᠠᠭ᠋ᠠᠨ ᠴᠠᠭ᠋ᠠᠨ᠎ᠢ ᠲᠡᠨᠭᠴᠡᠭᠦᠷᠢ ᠦᠭᠡᠢ ᠪᠤᠯᠭ᠋ᠠᠳᠠᠭ᠃ ᠲᠡᠮᠡᠬᠢᠨ᠎ᠳᠠᠬᠢ ᠨᠢᠺᠤᠲ᠋ᠢᠨ ᠬᠦᠴᠢᠯ᠎ᠨᠢ ᠰᠢᠳᠤ ᠪᠤᠯᠤᠨ ᠬᠤᠷᠤᠭᠤ ᠵᠢ ᠰᠢᠷᠠᠯᠠᠭᠤᠯᠬᠤ᠎ᠪᠠᠷ ᠦᠯᠦ ᠪᠠᠷᠠᠮ ᠠᠮᠡ ᠵᠢ ᠦᠮᠡᠭᠡᠢ᠍ᠢ᠍ᠷᠡᠭᠦᠯᠳᠡᠭ᠃ ᠺᠤᠫᠸᠢᠢ᠍ᠨᠠᠴᠠ ᠪᠤᠯᠵᠤ ᠬᠦᠮᠦᠨ᠎ᠤ ᠪᠡᠶ᠎ᠠ ᠵᠢᠨ ᠤᠰᠤ ᠪᠠᠭ᠋ᠠᠰᠴᠤ ᠠᠷᠠᠰᠤ ᠬᠠᠷᠢᠮᠠᠬᠠᠢ ᠴᠢᠨᠠᠷ ᠵᠢᠡᠨ ᠠᠯᠳᠠᠳᠠᠭ ᠪᠠᠢ᠍ᠢ᠍ᠨ᠎ᠠ᠃
4. ᠭᠡᠳᠤ ᠪᠠᠭ᠎ᠠ ᠢᠳᠡᠭᠦ᠄ ᠮᠠᠷᠢᠶ᠎ᠠ ᠰᠢᠭᠤᠷᠠᠭᠤᠯᠬᠤ ᠵᠢᠨ ᠲᠦᠯᠦᠭᠡ ᠴᠠᠭ᠎ᠤᠨ ᠬᠤᠭᠤᠯᠠ᠎ᠪᠠᠨ ᠭᠡᠳᠤ ᠪᠠᠭ᠎ᠠ ᠢᠳᠡᠭᠦ᠎ᠠᠴᠠ ᠪᠤᠯᠵᠤ ᠰᠠᠷ᠎ᠠ ᠵᠢᠨ ᠭᠭᠢᠷ ᠲᠡᠭᠰᠢ ᠦᠭᠡᠢ ᠪᠤᠯᠵᠤ᠂ ᠴᠢᠰᠤᠨ᠎ᠤ ᠰᠢᠬᠢᠷ ᠪᠠᠭ᠋ᠠᠰᠤᠨ᠂ ᠰᠢᠨ᠎ᠠ ᠬᠠᠭᠤᠴᠢᠨ᠎ᠤ ᠰᠤᠯᠢᠯᠴᠠᠭ᠎ᠠ ᠤᠳᠠᠭ᠋ᠠᠰᠢᠷᠡᠨ᠂ ᠬᠦᠮᠦᠨ ᠴᠤᠭ ᠰᠦᠯᠳᠠ ᠦᠭᠡᠢ ᠪᠤᠯᠳᠠᠭ᠃
5. ᠰᠢᠳᠤ᠎ᠨᠢ ᠮᠠᠭᠤᠳᠠᠭᠰᠡᠨ ᠰᠠᠮ ᠵᠢᠡᠷ ᠨᠤᠢ᠍ᠢ᠍ᠳᠠᠨ ᠦᠰᠤ᠎ᠪᠠᠨ ᠰᠠᠮᠨᠠᠬᠤ᠄ ᠨᠤᠢ᠍ᠢ᠍ᠳᠠᠨ ᠦᠰᠤ ᠠᠮᠠᠷᠬᠠᠨ ᠲᠠᠰᠤᠷᠠᠳᠠᠭ ᠪᠤᠯᠬᠤᠷ ᠦᠰᠤ ᠭᠡᠵᠢᠭᠡ ᠴᠢᠨᠢ ᠰᠢᠨᠭᠭᠡᠷᠡᠳᠡᠭ᠃ ᠲᠠᠢ᠍ᠢ᠍ᠮᠤᠠᠴᠠ ᠰᠢᠳᠤ ᠵᠢᠨ ᠵᠠᠢ᠎ᠨᠢ ᠦᠷᠭᠡᠨ ᠰᠠᠮ ᠵᠢᠡᠷ ᠰᠠᠮᠨᠠᠪᠠᠯ ᠬᠠᠮᠤᠭ ᠰᠠᠢ᠍ᠢ᠍ᠨ
6. ᠦᠷᠭᠦᠯᠵᠢ ᠠᠭ᠋ᠠᠷ ᠲᠤᠬᠢᠷᠠᠭᠤᠯᠤᠭᠴᠢ ᠨᠡᠭᠡᠭᠡᠭᠦ᠄ ᠠᠭ᠋ᠠᠷ ᠲᠤᠬᠢᠷᠠᠭᠤᠯᠤᠭᠴᠢ᠎ᠨᠢ ᠬᠦᠢ᠍ᠳᠠᠨ᠎ᠳᠤ ᠬᠠᠯᠠᠭᠤᠨ ᠪᠠᠢ᠍ᠢ᠍ᠯᠭ᠋ᠠᠵᠤ᠂ ᠬᠠᠯᠠᠭᠤᠨ᠎ᠳᠤ ᠰᠡᠷᠢᠭᠦᠨ ᠪᠠᠢ᠍ᠢ᠍ᠯᠭ᠋ᠠᠳᠠᠭ ᠴᠤ᠌᠂ ᠲᠡᠷᠡ᠎ᠨᠢ ᠠᠭ᠋ᠠᠷ᠎ᠲᠠᠬᠢ ᠤᠰᠤ ᠵᠢ ᠰᠤᠷᠤᠵᠤ ᠤᠷᠤᠭᠤᠯᠳᠠᠭ᠎ᠠᠴᠠ ᠠᠷᠠᠰᠤ ᠬᠠᠳᠠᠵᠤ ᠬᠠᠷᠢᠮᠠᠬᠠᠢ ᠴᠢᠨᠠᠷ ᠵᠢᠡᠨ ᠠᠯᠳᠠᠳᠠᠭ᠃
ᠠᠩᠬᠠᠨ᠎ᠤ ᠬᠢᠨᠠᠭ᠍ᠴᠢ᠄ ᠸᠠᠩ