9᠎ᠤ ᠡᠳᠦᠷ᠂ ᠥᠪᠥᠷ ᠮᠣᠩᠭᠣᠯ᠎ᠤᠨ ᠡᠪᠡᠳᠴᠢᠨ ᠡᠮᠭᠡᠭ᠎ᠢ ᠰᠡᠷᠭᠡᠢᠯᠡᠨ ᠡᠵᠡᠮᠳᠡᠬᠦ ᠲᠦᠪ ᠡᠴᠡ ᠡᠯᠢᠭᠡᠨᠦ A ᠦᠷᠪᠢᠰᠦᠯ᠎ᠦᠨ ᠲᠦᠭᠰᠢᠭᠦᠷᠢ᠎ᠶᠢᠨ ᠰᠠᠨᠠᠭᠤᠯᠤᠮᠵᠢ ᠨᠡᠢᠲᠡᠯᠡᠪᠡ᠃ ᠡᠯᠢᠭᠡᠨᠦ A ᠦᠷᠪᠢᠰᠦᠯ ᠪᠣᠯ ᠡᠯᠢᠭᠡᠨᠦ A ᠦᠷᠪᠢᠰᠦᠯ᠎ᠦᠨ ᠸᠢᠷᠦ᠋ᠰ᠎ᠡᠴᠡ ᠡᠭᠦᠰᠦᠭᠰᠡᠨ ᠲᠦᠷᠭᠡᠨ ᠴᠢᠨᠠᠷᠲᠠᠢ ᠡᠯᠢᠭᠡᠨᠦ ᠡᠪᠡᠳᠴᠢᠨ ᠪᠣᠯᠣᠨ᠎ᠠ᠂ ᠸᠢᠷᠦ᠋ᠰ᠎ᠢ ᠡᠰᠡᠷᠭᠦᠴᠡᠬᠦ ᠴᠢᠳᠠᠪᠤᠷᠢ ᠪᠠ ᠬᠠᠯᠳᠠᠪᠤᠷᠢᠯᠠᠬᠤ ᠴᠢᠨᠠᠷ᠎ᠢᠶᠠᠷ ᠴᠢᠩᠭ᠎ᠠ ᠪᠠᠢᠵᠦ᠂ ᠸᠢᠷᠦ᠋ᠰ ᠨᠢ ᠤᠰᠤᠨ ᠤᠷᠤᠨ ᠪᠠ ᠬᠢᠰᠤᠭ᠎ᠠ᠎ᠶᠢᠨ ᠲᠥᠷᠥᠯ᠎ᠳᠤ ᠤᠳᠠᠭᠠᠨ ᠠᠮᠢᠳᠤᠷᠠᠵᠤ ᠴᠢᠳᠠᠨ᠎ᠠ᠃
ᠲᠣᠰ ᠡᠪᠡᠳᠴᠢᠨ᠎ᠦ ᠨᠢᠭᠤᠭᠳᠠᠮᠠᠯ ᠬᠤᠭᠤᠴᠠᠭ᠎ᠠ ᠨᠢ 15 — 50 ᠡᠳᠦᠷ᠂ ᠲᠠᠷᠤᠢ ᠳᠤᠮᠳᠠᠴᠢ᠎ᠪᠠᠷ 30 ᠡᠳᠦᠷ ᠪᠠᠢᠳᠠᠭ᠃ ᠬᠠᠯᠠᠭᠤᠷᠠᠬᠤ᠂ ᠲᠠᠮᠢᠷᠳᠠᠬᠤ᠂ ᠢᠳᠡᠭᠡᠨ᠎ᠦ ᠳᠤᠷᠠᠰᠢᠯ ᠮᠠᠭᠤᠳᠠᠬᠤ᠂ ᠳᠤᠷ᠎ᠠ ᠪᠣᠯᠭᠢᠵᠦ ᠭᠡᠳᠡᠰᠦ ᠬᠥᠭᠡᠭᠡᠬᠦ᠂ ᠪᠡᠶ᠎ᠡ ᠰᠢᠷᠠᠯᠠᠬᠤ᠂ ᠡᠯᠢᠭᠡ ᠡᠪᠡᠳᠬᠦ ᠢᠯᠡᠷᠡᠯ ᠭᠠᠷᠳᠠᠭ᠃ ᠣᠯᠠᠩᠬᠢ ᠡᠪᠡᠳᠴᠢᠲᠡᠨ 3 — 4 ᠭᠠᠷᠠᠭ ᠡᠪᠡᠳᠴᠢᠯᠡᠵᠦ᠂ 3 ᠰᠠᠷ᠎ᠠ᠎ᠶᠢᠨ ᠳᠣᠲᠣᠷ᠎ᠠ ᠡᠳᠡᠭᠡᠷᠡᠳᠡᠭ᠂ ᠶᠡᠷᠦ᠎ᠳᠡᠭᠡᠨ ᠤᠳᠠᠭᠠᠨ ᠴᠢᠨᠠᠷᠲᠠᠢ ᠡᠪᠡᠳᠴᠢᠨ ᠪᠣᠯᠳᠠᠭ ᠦᠭᠡᠢ; ᠭᠡᠪᠡᠴᠦ ᠤᠳᠠᠭᠠᠨ ᠴᠢᠨᠠᠷᠲᠠᠢ ᠡᠯᠢᠭᠡᠨ ᠡᠪᠡᠳᠴᠢᠨ᠎ᠲᠠᠢ᠂ ᠡᠭᠡᠯᠢᠯᠡᠬᠦ ᠴᠢᠳᠠᠪᠤᠷᠢ ᠳᠣᠣᠷ᠎ᠠ ᠬᠥᠮᠥᠰ ᠤᠯᠪᠠᠯ ᠠᠮᠠᠷᠬᠠᠨ ᠬᠦᠨᠳᠦᠷᠡᠵᠦ᠂ ᠴᠢᠨᠠᠭᠰᠢᠯᠠᠪᠠᠯ ᠠᠮᠢ ᠨᠠᠰᠤᠨ᠎ᠤ ᠠᠶᠤᠯ ᠲᠠᠢ᠃ ᠡᠪᠡᠳᠴᠢᠨ᠎ᠦ ᠢᠯᠡᠷᠡᠯ ᠦᠭᠡᠢ ᠬᠠᠯᠳᠠᠪᠤᠷᠢᠯᠠᠭᠰᠠᠳ ᠡᠴᠡ ᠪᠠᠰᠠ ᠬᠠᠯᠳᠠᠪᠤᠷᠢᠯᠠᠳᠠᠭ᠂ ᠭᠣᠣᠯᠳᠠᠭᠤ ᠢᠯᠭᠠᠳᠠᠰᠦ ᠪᠤᠶᠤ ᠰᠢᠯᠦᠰᠦ᠎ᠪᠠᠷ ᠳᠡᠮᠵᠢᠨ ᠲᠠᠷᠬᠠᠵᠤ᠂ ᠪᠣᠬᠢᠷᠲᠤᠭᠰᠠᠨ ᠢᠳᠡᠭᠡᠨ᠂ ᠬᠠᠷ᠎ᠠ ᠤᠰᠤ᠂ ᠴᠡᠪᠡᠷ ᠪᠤᠰᠤ ᠪᠣᠳᠠᠰ᠎ᠲᠠᠢ ᠬᠦᠷᠦᠯᠴᠡᠪᠡᠯ ᠴᠥᠮ ᠬᠠᠯᠳᠠᠪᠤᠷᠢᠯᠠᠭᠳᠠᠵᠤ ᠮᠡᠳᠡᠨ᠎ᠡ᠃
ᠰᠡᠷᠭᠡᠢᠯᠡᠯᠲᠡ᠎ᠶᠢᠨ ᠲᠠᠯ᠎ᠠ᠎ᠪᠠᠷ᠄
ᠡᠯᠢᠭᠡᠨᠦ A ᠦᠷᠪᠢᠰᠦᠯ᠎ᠦᠨ ᠸᠠᠺᠼᠢᠨ᠎ᠤ ᠲᠠᠷᠢᠯᠭ᠎ᠠ ᠬᠢᠬᠦ ᠪᠣᠯ ᠬᠠᠮᠤᠭ᠎ᠤᠨ ᠪᠦᠲᠦᠮᠵᠢᠲᠡᠶ ᠰᠡᠷᠭᠡᠢᠯᠡᠬᠦ ᠠᠷᠭ᠎ᠠ ᠮᠥᠨ; ᠲᠦᠭᠦᠬᠡᠢ ᠢᠳᠡᠭᠡᠨ ᠢᠳᠡᠬᠦ ᠦᠭᠡᠢ᠂ ᠨᠣᠭᠣᠭ᠎ᠠ ᠵᠢᠮᠢᠰ᠎ᠢ ᠰᠠᠢᠨ ᠤᠬᠢᠶᠠᠨ ᠴᠡᠪᠡᠷᠯᠡᠵᠦ᠂ ᠪᠤᠴᠠᠯᠭᠠᠭᠰᠠᠨ ᠦᠭᠡᠢ ᠤᠰᠤ ᠤᠤᠭᠤᠬᠤ ᠦᠭᠡᠢ; ᠭᠠᠷ᠎ᠢᠶᠠᠨ ᠰᠠᠢᠨ ᠤᠬᠢᠶᠠᠨ᠎ᠠ; ᠣᠷᠴᠢᠨ ᠲᠣᠭᠣᠷᠢᠨ᠎ᠤ ᠠᠷᠢᠭᠤᠨ ᠴᠡᠪᠡᠷ᠎ᠢ ᠰᠠᠢᠲᠤᠷ ᠠᠨᠭᠬᠠᠷᠴᠦ᠂ ᠡᠪᠡᠳᠴᠢᠯᠡᠪᠡᠯ ᠴᠠᠭ ᠲᠤᠬᠠᠢ ᠳ᠋ᠤᠨᠢ ᠡᠮᠨᠡᠭᠦᠯᠵᠦ᠂ ᠭᠡᠷ᠎ᠲᠡᠬᠡᠨ ᠲᠤᠰᠠᠭᠠᠷᠯᠠᠵᠤ᠂ ᠠᠷᠢᠭᠤᠳᠬᠠᠬᠤ ᠡᠳ᠋᠂ ᠥᠨᠳᠥᠷ ᠳᠤᠯᠠᠭᠠᠨ ᠪᠤᠶᠤ ᠬᠦᠷᠢᠨᠦ ᠭᠠᠳᠠᠨᠠᠬᠢ ᠲᠤᠶᠠᠭ᠎ᠠ᠎ᠪᠠᠷ ᠡᠷᠬᠢᠨ ᠲᠤᠭᠤᠷᠢᠨ ᠵᠢᠡᠨ ᠠᠷᠢᠭᠤᠳᠬᠠᠬᠤ ᠬᠡᠷᠡᠭᠲᠡᠢ᠃
ᠠᠩᠬᠠᠨ᠎ᠤ ᠬᠢᠨᠠᠭ᠍ᠴᠢ᠄ ᠸᠠᠩ