6 ᠵᠦᠢ᠍ᠯ᠎ᠤᠨ ᠢᠯᠡᠷᠡᠯ᠎ᠨᠢ ᠲᠠᠨ᠎ᠢ ᠨᠤᠢ᠌ᠷ ᠨᠦᠬᠦᠬᠦ ᠬᠡᠷᠡᠭᠳᠡᠢ ᠭᠡᠵᠦ ᠰᠠᠨᠠᠭᠤᠯᠵᠦ ᠪᠠᠢ᠌ᠨ᠎ᠡ
ᠨᠡᠶ᠋ᠢᠲᠡᠯᠡᠭᠰᠡᠨ ᠴᠠᠭ᠄ 2026-07-16

ᠰᠡᠳᠬᠢᠯ ᠰᠠᠨᠠᠭ᠎ᠠ ᠲᠤᠭᠳᠠᠪᠤᠷᠢ ᠦᠭᠡᠢ᠂ ᠠᠵᠢᠯ ᠬᠢᠬᠦ᠎ᠳᠤ ᠤᠳᠠᠭ᠋ᠠᠨ ᠬᠦᠳᠡᠬᠢ ᠪᠤᠯᠵᠦ᠂ ᠠᠳᠬᠤᠵᠤ ᠪᠠᠷᠢᠬᠰᠠᠨ ᠵᠢᠡᠨ ᠠᠯᠲᠠᠭ᠋ᠠᠳ ᠪᠠᠢ᠌ᠲᠠᠭ ᠁ ᠠ᠋ᠨᠡ᠎ᠨᠢ ᠲᠠ ᠤᠨᠳᠠᠵᠦ ᠬᠠᠨᠤᠭᠰᠠᠨ ᠦᠭᠡᠢ᠎ᠠᠴᠠ ᠪᠤᠯᠤᠭᠰᠠᠨ ᠪᠠᠢ᠌ᠵᠦ ᠮᠡᠳᠡᠨ᠎ᠡ᠃

ᠤᠬᠢᠯᠠᠩᠬᠠᠢ ᠪᠤᠯᠬᠤ ᠺᠢᠨᠤ᠋ ᠵᠦᠴᠦᠭᠡ ᠦᠵᠡᠵᠦ ᠪᠠᠢ᠌ᠭ᠋ᠠᠳ ᠤᠶᠠᠷᠠᠬᠤ᠎ᠨᠢ ᠤᠤᠯ᠎ᠠᠴᠠ ᠢᠯᠡᠭᠦᠦ ᠪᠤᠯᠵᠦ᠂ ᠠᠮᠠᠷᠬᠠᠨ ᠤᠬᠢᠯᠠᠬᠤ ᠪᠤᠯᠳᠠᠭ ᠁ ᠠ᠋ᠨᠡ᠎ᠨᠢ ᠲᠠᠨ᠎ᠤ ᠤᠷᠮ᠎ᠡ ᠮᠠᠭᠤ᠎ᠠᠴᠠ ᠪᠤᠯᠤᠭᠰᠠᠨ ᠪᠢᠰᠢ᠂ ᠬᠠᠷᠢᠨ ᠨᠤᠢ᠌ᠷ ᠲᠤᠳᠠᠵᠦ ᠪᠠᠢ᠌ᠭ᠎ᠠ ᠵᠢᠨ ᠢᠯᠡᠷᠡᠯ ᠪᠠᠢ᠌ᠵᠦ ᠮᠡᠳᠡᠨ᠎ᠡ᠃

ᠠᠮᠠᠷᠬᠠᠨ ᠦᠯᠦᠰᠬᠦ ᠠ᠋ᠳᠦᠷ ᠲᠤᠵᠢ ᠦᠯᠦᠰᠴᠦ ᠪᠠᠢ᠌ᠭ᠎ᠠ ᠲᠦᠷᠦᠭᠳᠡᠯ᠎ᠲᠠᠢ ᠪᠦᠭᠡᠳ ᠶᠠᠭ᠋ᠠᠬᠢᠵᠦ ᠢᠳᠡᠪᠡᠴᠦ ᠴᠠᠳᠤᠭᠰᠠᠨ ᠦᠭᠡᠢ ᠰᠠᠨᠠᠭᠳᠠᠨ᠎ᠠ᠃ ᠠ᠋ᠨᠡ᠎ᠨᠢ ᠤᠨᠳᠠᠵᠦ ᠬᠠᠨᠤᠭᠰᠠᠨ ᠦᠭᠡᠢ᠎ᠲᠠᠢ ᠬᠤᠯᠪᠤᠭ᠎ᠠ᠎ᠲᠠᠢ ᠪᠠᠢ᠌ᠵᠦ ᠮᠡᠳᠡᠨ᠎ᠡ᠃ ᠪᠠᠭ᠎ᠠ ᠤᠨᠳᠠᠬᠤ᠎ᠨᠢ ᠦᠯᠦᠰᠬᠦ ᠬᠤᠷᠮᠤᠨ᠎ᠢ ᠨᠡᠮᠡᠭᠳᠡᠭᠦᠯᠦᠨ᠎ᠡ᠃ ᠠ᠋ᠳᠡᠭᠡᠷ ᠨᠡᠮᠡᠭᠳᠡᠭᠰᠡᠨ ᠦᠯᠦᠰᠬᠦ ᠬᠤᠷᠮᠤᠨ᠎ᠨᠢ ᠢᠳᠡᠭᠡᠨ᠎ᠤ ᠲᠤᠷᠠᠰᠢᠯ᠎ᠢ ᠨᠡᠮᠡᠭᠳᠡᠭᠦᠯᠬᠦ᠎ᠪᠠᠷ ᠪᠠᠷᠠᠬᠤ ᠦᠭᠡᠢ ᠦᠨᠳᠦᠷ ᠠ᠋ᠨ᠋ᠸᠷᠬᠢ ᠰᠢᠬᠢᠷ᠎ᠲᠠᠢ ᠢᠳᠡᠭᠡᠨ᠎ᠢ ᠢᠳᠡᠬᠦ ᠲᠤᠷᠠᠳᠠᠢ ᠪᠤᠯᠭ᠋ᠠᠵᠦ᠂ ᠠ᠋ᠭᠦᠨ᠎ᠤ ᠤᠯᠠᠮ᠎ᠠᠴᠠ ᠠᠮᠠᠷᠬᠠᠨ ᠮᠠᠷᠢᠶᠠᠯᠠᠭᠤᠯᠤᠨ᠎ᠡ᠃

ᠪᠡᠭᠡᠷᠡᠭ ᠪᠣᠯᠬᠤ ᠬᠠᠮᠠᠷ᠎ᠤᠨ ᠨᠢᠰᠦ ᠭᠤᠭᠤᠵᠢᠬᠤ ᠭᠡᠳ ᠪᠠᠢ᠌ᠬᠤ ᠮᠦᠷᠳᠡᠭᠡᠨ ᠵᠤᠭᠰᠤᠬᠤ ᠮᠠᠶᠢᠭ ᠦᠭᠡᠢ ᠪᠤᠯ ᠲᠠ ᠤᠨᠳᠠᠵᠦ ᠠᠮᠠᠷᠠᠬᠤ ᠴᠠᠭ ᠵᠶ᠋ᠠᠨ ᠲᠠᠬᠢᠨ ᠲᠤᠭᠳᠠᠭ᠋ᠠᠬᠤ ᠴᠢᠬᠤᠯᠠᠳᠠᠢ ᠪᠤᠯᠤᠭᠰᠠᠨ ᠪᠠᠢ᠌ᠵᠦ ᠮᠡᠳᠡᠨ᠎ᠡ᠃ ᠰᠤᠳᠤᠯᠭ᠋ᠠᠨ᠎ᠳᠤ ᠮᠡᠳᠡᠭᠰᠡᠨ ᠵᠶ᠋ᠠᠷ᠂ ᠰᠦᠨᠢ ᠪᠤᠯᠭ᠋ᠠᠨ 7 ᠴᠠᠭ᠎ᠠᠴᠠ ᠪᠠᠭ᠎ᠠ ᠤᠨᠳᠠᠳᠠᠭ ᠬᠦᠮᠦᠨ᠎ᠤ ᠬᠢᠮᠤᠷᠠᠭ᠎ᠠ᠎ᠳᠤ ᠨᠡᠷᠪᠡᠭᠳᠡᠬᠦ᠎ᠨᠢ ᠠ᠋ᠳᠦᠷ ᠪᠦᠷᠢ ᠨᠠᠭ᠋ᠠᠳᠦ ᠵᠠᠬ᠎ᠠ᠎ᠳᠠᠭᠠᠨ 8 ᠴᠠᠭ ᠤᠨᠳᠠᠳᠠᠭ ᠬᠦᠮᠦᠨ᠎ᠠᠴᠠ 3 ᠲᠠᠬᠢᠨ ᠢᠯᠡᠬᠦᠦ ᠪᠠᠢ᠌ᠳᠠᠭ᠃

ᠠᠩᠬᠠᠷᠤᠯ ᠵᠶ᠋ᠠᠨ ᠲᠦᠪᠯᠡᠷᠡᠭᠦᠯᠵᠦ ᠲᠠᠢ᠌ᠯᠬᠦ ᠦᠭᠡᠢ ᠠ᠋ᠨᠡ ᠪᠤᠯ ᠨᠤᠢ᠌ᠷ ᠲᠤᠳᠠᠭᠤ ᠪᠠᠢ᠌ᠬᠤ ᠵᠢᠨ ᠬᠠᠮᠤᠭ᠎ᠤᠨ ᠢᠯᠡᠷᠬᠡᠢ ᠢᠯᠡᠷᠡᠯ ᠪᠤᠯᠤᠨ᠎ᠡ᠂ ᠨᠤᠢ᠌ᠷ ᠬᠠᠨᠤᠬᠤ ᠦᠭᠡᠢ ᠦᠶᠡᠰ ᠠᠩᠬᠠᠷᠤᠯ ᠵᠶ᠋ᠠᠨ ᠲᠦᠪᠯᠡᠷᠡᠭᠦᠯᠬᠦ᠎ᠳᠤ ᠬᠦᠴᠢᠷᠳᠡᠬᠦ᠂ ᠰᠡᠳᠬᠢᠭᠦᠢ ᠰᠠᠮᠠᠭᠤᠷᠠᠬᠤ᠂ ᠰᠡᠷᠡᠮᠵᠢ ᠮᠠᠭᠤᠳᠠᠬᠤ᠂ ᠠᠮᠠᠷᠬᠠᠨ ᠮᠠᠷᠳᠠᠬᠤ ᠵᠡᠷᠭᠡ ᠨᠢᠭᠡ ᠤᠯᠠᠨ ᠲᠠᠨᠢᠨ ᠮᠡᠳᠡᠬᠦᠢ ᠵᠢᠨ ᠠᠰᠠᠭᠤᠳᠠᠯ᠎ᠢ ᠨᠦᠯᠦᠭᠡᠯᠡᠨ᠎ᠡ᠃
ᠴᠡᠭᠡᠵᠢᠯᠡᠬᠦ ᠴᠢᠳᠠᠪᠤᠷᠢ ᠮᠠᠭᠤᠳᠠᠬᠤ ᠬᠦᠮᠦᠨ ᠠᠮᠠᠷᠬᠠᠨ ᠮᠠᠷᠳᠠᠵᠦ ᠠ᠋ᠬᠢᠯᠡᠬᠦ ᠪᠤᠯᠬᠤ᠎ᠪᠠᠷ ᠨᠠᠰᠦ ᠠᠬᠢᠭᠰᠠᠨ᠎ᠠᠴᠠ ᠪᠤᠯᠤᠯ᠎ᠡ ᠭᠡᠳᠡᠭ᠃ ᠭᠡᠪᠡᠴᠦ ᠨᠤᠢ᠌ᠷ ᠲᠤᠳᠠᠭᠤ᠎ᠠᠴᠠ ᠪᠤᠯᠵᠦ ᠮᠠᠷᠳᠠᠮᠠᠳᠠᠭ᠋ᠠᠢ ᠪᠤᠯᠤᠭᠰᠠᠨ᠎ᠨᠢ ᠲᠠᠷᠢᠬᠦᠨ ᠰᠢᠯᠳᠠᠭ᠋ᠠᠨ ᠪᠠᠢ᠌ᠵᠦ ᠮᠡᠳᠡᠬᠦ ᠶᠤᠮ᠃

ᠠᠩᠬᠠᠨ᠎ᠤ ᠬᠢᠨᠠᠭ᠍ᠴᠢ᠄  ᠸᠠᠩ  

     

     

ᠢᠷᠡᠯᠲᠡ᠄ ᠠᠯᠠᠱᠠ ᠵᠡᠭᠦᠨ ᠬᠣᠱᠢᠭᠤᠨ᠎ᠤ ᠠᠷᠠᠳ᠎ᠤᠨ ᠵᠠᠰᠠᠭ᠎ᠤᠨ ᠣᠷᠳᠣᠨ
Baidu
map